10 ᠰᠠᠷ᠎ᠠ ᠶᠢᠨ 12᠎ ᠤᠨ ᠡᠳᠦᠷ
ᠡᠬᠢᠯᠡᠬᠦ ᠴᠠᠭ᠄
2018-10-12 09:51:24
ᠣᠷᠠᠯᠢᠭᠴᠢᠨ᠄
ᠲᠣᠲᠥᠷᠬᠠᠢ ᠦᠭᠡᠢ
ᠦᠭᠡ ᠨᠠᠶᠢᠷᠠᠭᠴᠢ᠄
ᠲᠣᠲᠥᠷᠬᠠᠢ ᠦᠭᠡᠢ
ᠠᠶ᠎ᠠ ᠨᠠᠶᠢᠷᠠᠭᠴᠢ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄
     ᠡᠷᠬᠢᠮ ᠬᠦᠨᠳᠦᠳᠦ ᠰᠤᠨᠤᠰᠤᠭᠴᠢᠳ ᠮᠠᠨᠢ᠂ ᠰᠠᠶᠢᠨ ᠪᠠᠶᠢᠨ᠎ᠠ ᠤᠤ︖      ᠦᠨᠦᠳᠦᠷ ᠪᠤᠯ 2018 ᠤᠨ ᠤ 10 ᠰᠠᠷ᠎ᠠ ᠶᠢᠨ 12᠂ ᠪᠢᠯᠢᠭ ᠤᠨ ᠤᠯᠠᠷᠢᠯ ᠤᠨ ᠰᠢᠷ᠎ᠠ ᠨᠤᠬᠠᠢ ᠵᠢᠯ ᠤᠨ 9 ᠰᠠᠷ᠎ᠠ ᠶᠢᠨ 4᠂ ᠭᠠᠷᠠᠭ ᠤᠨ ᠲᠠᠪᠤᠨ᠃ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶᠠᠨ ᠤ ᠬᠠᠮ ᠵᠠᠭᠤᠴᠢᠯᠠᠭᠤᠷ ᠤᠨ ᠦᠷᠯᠦᠭᠡ ᠶᠢᠨ ᠮᠡᠳᠡᠭᠡ ᠲᠠ ᠪᠦᠭᠦᠨ ᠲᠠᠢ ᠪᠠᠨ ᠮᠡᠨᠳᠦᠴᠢᠯᠡᠨ ᠵᠤᠯᠭᠠᠵᠦ ᠪᠠᠶᠢᠨ᠎ᠠ᠃      ᠤᠷᠢᠳᠠᠪᠠᠷ ᠴᠠᠭ ᠲᠦᠷᠦ ᠶᠢᠨ ᠮᠡᠳᠡᠭᠡ ᠳᠤ ᠠᠩᠬᠠᠷᠤᠯ ᠢᠶᠠᠨ ᠬᠠᠨᠳᠤᠭᠤᠯᠤᠶ᠎ᠠ      • ᠤᠢᠢᠷ᠎ᠠ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶᠠᠨ ᠤ ᠠᠯᠪᠠᠨ ᠲᠢᠩᠬᠢᠮ᠂ ᠲᠦᠷᠦ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠠᠴᠠ ︽ᠲᠡᠤᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠵᠤ ᠠᠰᠢᠭᠯᠠᠬᠤ ᠦᠭᠡᠷᠡᠴᠢᠯᠡᠯᠲᠡ ᠶᠢ ᠴᠢᠩᠭᠠᠳᠬᠠᠬᠤ ᠲᠤᠬᠠᠢ ᠰᠠᠨᠠᠯ︾᠎ ᠢ ᠲᠠᠷᠤᠮᠠᠯᠯᠠᠨ ᠲᠠᠷᠬᠠᠭᠠᠬᠤ ᠶᠢᠨ ᠬᠠᠮᠳᠤ ᠮᠡᠳᠡᠭᠳᠡᠯ ᠪᠠᠭᠤᠯᠭᠠᠵᠤ᠂ ᠡᠯ᠎ᠡ ᠭᠠᠵᠠᠷ ᠤᠷᠤᠨ ᠡᠯ᠎ᠡ ᠰᠠᠯᠠᠭ᠎ᠠ ᠮᠦᠴᠢᠷ ᠢ ᠪᠤᠲᠠᠲᠠᠢ ᠪᠠᠶᠢᠳᠠᠯ ᠲᠠᠢ ᠪᠠᠨ ᠤᠶᠠᠯᠳᠤᠭᠤᠯᠤᠨ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠬᠤ ᠬᠡᠷᠡᠭᠲᠠᠢ ᠭᠡᠵᠤ ᠱᠠᠭᠠᠷᠳᠠᠪᠠ᠃      • 10 ᠰᠠᠷ᠎ᠠ ᠶᠢᠨ 11᠎ ᠤ ᠡᠳᠦᠷ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠲᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ ᠲᠡᠷᠢᠭᠦᠯᠡᠭᠴᠢ ᠪᠦ᠋ ᠰᠢᠶᠤᠤ ᠯᠢᠨ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠵᠤ᠂ ᠦᠪᠡᠷᠳᠡᠭᠡᠨ ᠵᠠᠰᠠᠬᠤ ᠤᠷᠤᠨ ᠤ ᠨᠠᠮ ᠵᠠᠰᠠᠭ ᠤᠨ ᠤᠳᠤᠷᠢᠳᠬᠤ ᠺᠠᠳ᠋ᠷ ᠤᠨ ᠠᠶᠤᠯ ᠦᠭᠡᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠲᠦᠷᠢᠮ ᠢ ᠬᠡᠷᠡᠭᠵᠢᠭᠦᠯᠭᠦ ᠨᠠᠷᠢᠨ ᠲᠦᠷᠢᠮ ᠵᠡᠷᠭᠡ ᠵᠦᠢᠯᠡᠰ ᠢ ᠰᠤᠳᠤᠯᠵᠠᠢ᠃      • 10 ᠰᠠᠷ᠎ᠠ ᠶᠢᠨ 10᠎ ᠤ ᠦᠳᠡ ᠶᠢᠨ ᠬᠤᠶᠢᠨ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠲᠡᠳ᠋ ᠱᠦᠵᠢ᠂ ᠦᠪᠡᠷᠳᠡᠭᠡᠨ ᠵᠠᠰᠠᠬᠤ ᠤᠷᠤᠨ ᠤ ᠲᠡᠷᠢᠭᠦᠯᠡᠭᠴᠢ ᠪᠦ᠋ ᠰᠢᠶᠤᠤ ᠯᠢᠨ ᠡᠩ ᠤᠨ ᠨᠠᠮ ᠤᠨ ᠬᠡᠰᠢᠭᠦᠨ ᠤ ᠬᠤᠪᠢ ᠪᠠᠷ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠨᠠᠷᠢᠨ ᠪᠢᠴᠢᠭ ᠤᠨ ᠨᠢᠭᠡᠳᠦᠭᠡᠷ ᠭᠠᠵᠠᠷ ᠤᠨ ᠨᠠᠮ ᠤᠨ ᠡᠭᠦᠷ ᠤᠨ ︽ᠤᠭ ᠰᠠᠨᠠᠭ᠎ᠠ ᠪᠠᠨ ᠦᠯᠦ ᠮᠠᠷᠳᠠᠵᠤ᠂ ᠢᠳᠡᠭᠡᠯ ᠪᠢᠰᠢᠷᠠᠯ ᠢᠶᠠᠨ ᠡᠷᠡᠰ ᠪᠠᠷᠢᠮᠳᠠᠯᠠᠨ᠂ ᠰᠢᠨ᠎ᠠ ᠴᠠᠭ ᠦᠶ᠎ᠠ ᠶᠢᠨ ᠰᠢᠷᠭᠠᠭᠤ ᠲᠡᠮᠡᠴᠡᠭᠴᠢ ᠪᠤᠯᠰᠤᠭᠠᠢ︾ ᠬᠡᠭᠦ ᠭᠤᠤᠯ ᠰᠡᠳᠦᠪᠳᠤ ᠨᠠᠮ ᠤᠨ ᠡᠳᠦᠷᠯᠢᠭ ᠤᠨ ᠠᠵᠢᠯᠯᠠᠭ᠎ᠠ ᠳᠤ ᠤᠷᠤᠯᠴᠠᠵᠦ᠂ ︽ᠡᠷᠡᠨ ᠵᠠᠭᠤᠨ ᠤ ᠠᠭᠤᠤ ᠬᠦᠮᠦᠨ ᠤ ᠲᠡᠭᠦᠯᠢᠨ ᠨᠢᠰᠭᠦ ᠵᠡᠭᠦᠳᠦ — ᠵᠸᠤ ᠡᠸ᠋ᠨ ᠯᠠᠢ ᠬᠢᠭᠡᠳ ᠬᠤᠶᠠᠷ ᠪᠦᠮᠪᠦᠭᠡ ᠨᠢᠭᠡ ᠤᠳᠤᠨ︾ ᠪᠦᠬᠦ ᠤᠯᠤᠰ ᠤᠨ ᠲᠤᠭᠤᠷᠢᠨ ᠦᠵᠡᠭᠦᠯᠭᠡ ᠶᠢ ᠲᠤᠭᠤᠷᠢᠨ ᠦᠵᠡᠵᠡᠢ᠃      ᠵᠠᠯᠭᠠᠭᠠᠳ ᠨᠡᠶᠢᠭᠡᠮ ᠤᠨ ᠰᠤᠨᠢᠨ ᠮᠡᠳᠡᠭᠡ ᠠᠴᠠ ᠤᠢᠢᠯᠠᠭᠠᠶ᠎ᠠ      • ᠰᠤᠷᠪᠤᠯᠵᠢᠯᠠᠬᠴᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠦ ᠠᠬᠤᠢ ᠶᠢᠨ ᠲᠢᠩᠬᠢᠮ ᠠᠴᠠ ᠤᠶᠢᠯᠠᠭᠠᠬᠰᠠᠨ ᠢᠶᠠᠷ᠂ ᠮᠠᠨ ᠤ ᠤᠷᠤᠨ ᠤ ᠠᠳᠤᠭᠤᠨ ᠤ ᠲᠤᠭ᠎ᠠ 84.8 ᠲᠦᠮᠡᠨ ᠲᠤᠯᠤᠭᠠᠢ ᠳᠤ ᠬᠦᠷᠴᠦ ᠪᠦᠬᠦ ᠤᠯᠤᠰ ᠲᠤ ᠲᠡᠷᠢᠭᠦᠯᠡᠭᠰᠡᠨ ᠪᠠᠶᠢᠨ᠎ᠠ᠃ ᠮᠠᠨ ᠤ ᠤᠷᠤᠨ ᠪᠠᠰᠠ ᠭᠤᠷᠪᠠᠨ ᠭᠤᠤᠯ ᠤᠨ ᠠᠳᠤᠭᠤ᠂ ᠰᠢᠯᠢ ᠶᠢᠨ ᠭᠤᠤᠯ ᠤᠨ ᠠᠳᠤᠭᠤ᠂ ᠬᠤᠷᠴᠢᠨ ᠤ ᠠᠳᠤᠭᠤᠨ ᠤ ᠡᠭᠦᠯᠳᠡᠷ ᠢ ᠦᠷᠡᠵᠢᠭᠦᠯᠵᠦ᠂ ᠠᠳᠤᠭᠤᠨ ᠤ ᠡᠭᠦᠯᠳᠡᠷ ᠢᠶᠠᠷ ᠬᠠᠮᠤᠬ ᠤᠨ ᠤᠯᠠᠨ ᠮᠤᠵᠢ ᠤᠷᠤᠨ ᠤ ᠨᠢᠭᠡ ᠪᠤᠯᠤᠬᠰᠠᠨ ᠶᠤᠮ᠃      • ᠰᠤᠷᠪᠤᠯᠵᠢᠯᠠᠭᠴᠢ ᠦᠪᠠᠷᠲᠠᠬᠡᠨ ᠵᠠᠰᠠᠬᠤ ᠤᠷᠤᠨ ᠤ ᠬᠦᠮᠤᠨ ᠤ ᠬᠦᠴᠤᠨ ᠤ ᠡᠬᠢ ᠪᠠᠶᠠᠯᠢᠭ ᠪᠠ ᠨᠠᠶᠢᠬᠡᠮ ᠤᠨ ᠪᠠᠲᠤᠯᠠᠪᠤᠷᠢ ᠶᠢᠨ ᠲᠢᠩᠬᠢᠮ ᠠᠴᠠ ᠤᠢᠢᠯᠠᠭᠠᠭᠰᠠᠨ ᠢᠶᠠᠷ᠂ 2018 ᠤᠨ ᠳᠤ ᠪᠦᠬᠦ ᠤᠷᠤᠨ ᠤ ᠲᠤᠮᠲᠠᠲᠤ ᠪᠠᠭ᠎ᠠ ᠰᠤᠷᠭᠠᠭᠤᠯᠢ ᠶᠢᠨ ︵ᠬᠡᠤᠬᠡᠳ ᠤᠨ ᠴᠡᠴᠡᠷᠯᠢᠭ ᠪᠠᠭᠲᠠᠨ᠎ᠠ︶ ᠵᠢᠩᠬᠢᠨᠢ ᠲᠠᠬᠡᠲᠤ ᠵᠡᠷᠬᠡ ᠶᠢᠨ ᠪᠠᠭᠰᠢ ᠶᠢᠨ ᠮᠡᠷᠬᠡᠵᠢᠯ ᠤᠨ ᠴᠤᠯᠠ ᠬᠢᠨᠠᠨ ᠲᠤᠭᠲᠠᠭᠠᠬᠤ ᠠᠵᠢᠯ ᠤᠢᠢᠷ᠎ᠠ ᠶᠢᠨ ᠡᠲᠤᠷ ᠵᠢᠩᠬᠢᠨᠢ ᠪᠠᠷ ᠡᠬᠢᠯᠠᠵᠠᠢ᠃ ᠤᠢᠢᠯᠠᠭᠠᠭᠰᠠᠨ ᠢᠶᠠᠷ᠂ ᠡᠨᠡ ᠵᠢᠯ ᠤᠯᠤᠰ ᠠᠴᠠ ᠵᠢᠩᠬᠢᠨᠢ ᠲᠠᠬᠡᠲᠤ ᠵᠡᠷᠬᠡ ᠶᠢᠨ ᠪᠠᠭᠰᠢ ᠶᠢᠨ ᠲᠤᠭ᠎ᠠ ᠬᠡᠮᠵᠢᠶ᠎ᠠ ᠶᠢ ᠮᠦᠨ ᠬᠦ ᠶᠠᠷᠦᠩᠬᠡᠢ ᠬᠡᠮᠵᠢᠶ᠎ᠠ ᠪᠠᠷ ᠬᠢᠵᠠᠭᠠᠷᠯᠠᠬᠤ ᠲᠦᠷᠦ ᠶᠢᠨ ᠪᠤᠲᠤᠯᠭ᠎ᠠ ᠶᠢ ᠬᠡᠷᠡᠭᠵᠢᠬᠦᠯᠵᠤ᠂ ᠬᠢᠨᠠᠠ ᠲᠤᠭᠲᠠᠭᠠᠯᠲᠠ ᠪᠠᠷ ᠲᠠᠮᠵᠢᠨ ᠮᠠᠨ ᠤ ᠤᠷᠤᠨ ᠳᠤ ᠭᠤᠶᠤᠴᠢᠯᠠᠨ ᠮᠠᠲᠠᠬᠦᠯᠦᠭᠰᠡᠨ ᠬᠦᠮᠤᠨ ᠤ ᠲᠤᠭ᠎ᠠ ᠶᠢ ᠲᠤᠤᠷᠠᠬᠢ ᠮᠠᠳᠤ ᠪᠠᠷ ᠬᠢᠵᠠᠭᠠᠷᠯᠠᠵᠠᠢ᠃ ᠲᠠᠷᠤᠢ ᠦᠪᠠᠷᠲᠠᠬᠡᠨ ᠵᠠᠰᠠᠬᠤ ᠤᠷᠤᠨ 3 ᠬᠦᠮᠤᠨ᠂ ᠬᠦᠬᠡᠬᠤᠲᠠ 12 ᠬᠦᠮᠤᠨ᠂ ᠪᠤᠭᠤᠲᠤ ᠬᠤᠲᠠ 10 ᠬᠦᠮᠤᠨ᠂ ᠬᠦᠯᠤᠨ ᠪᠤᠶᠢᠷ ᠬᠤᠲᠠ 10 ᠬᠦᠮᠤᠨ᠂ ᠬᠢᠨᠭ᠍ᠭᠠᠨ ᠠᠶᠢᠮᠠᠬ 6 ᠬᠦᠮᠤᠨ᠂ ᠲᠦᠡᠭᠯᠢᠶᠤᠤ ᠬᠤᠲᠠ 14 ᠬᠦᠮᠤᠨ᠂ ᠤᠯᠠᠭᠠᠨᠬᠠᠲᠠ ᠬᠤᠲᠠ 19 ᠬᠦᠮᠤᠨ᠂ ᠰᠢᠯᠢ ᠶᠢᠨ ᠭᠤᠤᠯ ᠠᠶᠢᠮᠠᠬ 5 ᠬᠦᠮᠤᠨ᠂ ᠤᠯᠠᠭᠠᠨᠴᠠᠪ ᠬᠤᠲᠠ 6 ᠬᠦᠮᠤᠨ᠂ ᠤᠷᠲᠤᠰ ᠬᠤᠲᠠ 10 ᠬᠦᠮᠤᠨ᠂ ᠪᠠᠶᠠᠨᠨᠠᠭᠤᠷ ᠬᠤᠲᠠ 5 ᠬᠦᠮᠤᠨ᠂ ᠦᠬᠠᠢ ᠬᠤᠲᠠ 2 ᠬᠦᠮᠤᠨ᠂ ᠠᠯᠠᠱᠠ ᠠᠶᠢᠮᠠᠬ 2 ᠬᠦᠮᠤᠨ᠂ ᠮᠠᠨᠵᠤᠤᠷ ᠬᠤᠲᠠ 1 ᠬᠦᠮᠤᠨ᠂ ᠡᠷᠢᠶᠠᠨ ᠬᠤᠲᠠ 1 ᠬᠦᠮᠤᠨ ᠪᠤᠯᠤᠨ᠎ᠠ᠃      • ᠤᠢᠢᠷ᠎ᠠ ᠶᠢᠨ ᠡᠳᠦᠷ᠂ 2018 ᠭᠤᠷᠪᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠤᠯᠠᠨ ᠤᠯᠤᠰ ᠤᠨ ᠮᠢᠬᠠᠨ ᠤ ᠲᠦᠷᠤᠯ ᠤᠨ ᠠᠵᠦ ᠦᠢᠯᠡᠰ ᠤᠨ ᠭᠠᠷᠠᠭ ᠵᠢᠴᠢ 2018 ᠮᠢᠬᠠᠨ ᠤ ᠲᠦᠷᠦᠯ ᠤᠨ ᠠᠵᠦ ᠦᠢᠯᠡᠰ ᠤᠨ ᠬᠦᠭᠵᠢᠯᠳᠠ ᠶᠢᠨ ᠶᠡᠭᠡ ᠬᠤᠷᠠᠯ᠂ 2018 ᠠᠷᠪᠠᠨ ᠵᠢᠷᠭᠤᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠤᠯᠠᠨ ᠤᠯᠤᠰ ᠤᠨ ᠮᠢᠬᠠᠨ ᠤ ᠲᠦᠷᠦᠯ ᠤᠨ ᠠᠵᠦ ᠦᠢᠯᠡᠳᠪᠤᠷᠢ ᠶᠢᠨ ᠲᠡᠯᠭᠡᠨ ᠦᠵᠡᠭᠦᠯᠦᠯᠭᠡ ᠪᠡᠭᠡᠵᠢᠩ ᠬᠤᠳᠠ ᠳᠤ ᠶᠠᠪᠤᠬᠳᠠᠪᠠ᠃ ᠲᠤᠰ ᠦᠵᠡᠭᠦᠯᠦᠯᠭᠡ ᠳᠤ ᠰᠢᠯᠢ ᠶᠢᠨ ᠭᠤᠤᠯ ᠠᠶᠢᠮᠠᠬ ᠤᠨ ᠮᠢᠬᠠᠨ ᠤ ᠲᠦᠷᠦᠯ ᠤᠨ ᠨᠡᠶᠢᠭᠡᠮᠯᠢᠭ ︵ᠰᠢᠯᠢ ᠶᠢᠨ ᠭᠤᠤᠯ ᠤᠨ ᠬᠤᠨᠢᠨ ᠮᠢᠬ᠎ᠠ︶ ︽2018 ᠤᠨ ᠤ ᠲᠤᠮᠳᠠᠳᠤ ᠤᠯᠤᠰ ᠤᠨ ᠮᠢᠬᠠᠨ ᠤ ᠲᠦᠷᠦᠯ ᠤᠨ ᠢᠳᠡᠭᠡᠨ ᠤ ᠠᠵᠢᠯ ᠲᠦᠷᠦᠯ ᠤᠨ ᠬᠠᠮᠤᠭ ᠤᠨ ᠦᠷᠳᠡᠭ ᠪᠦᠭᠦᠢ᠂ ᠬᠠᠮᠤᠭ ᠤᠨ ᠨᠦᠯᠦᠭᠡᠯᠡᠭᠦ ᠬᠦᠴᠦᠨ ᠪᠦᠭᠦᠢ ᠲᠦᠷᠦᠯ ᠲᠡᠮᠳᠡᠭ︾᠎ ᠤᠨ ᠴᠤᠯᠠ ᠬᠦᠷᠳᠡᠪᠡ᠃      • ᠲᠦᠷᠦᠭᠦᠭᠡᠨ ᠳᠤ᠂ ᠶᠡᠷᠦᠩᠬᠡᠢ ᠪᠡᠯᠡ ᠤᠷᠤᠭᠤᠯᠤᠯᠳᠠ ᠨᠢ 4500 ᠲᠦᠮᠡᠨ ᠲᠦᠭᠦᠷᠢᠭ ᠢ ᠲᠠᠪᠠᠭᠰᠠᠨ ᠲᠡᠮᠡᠭᠡᠨ ᠤ ᠠᠵᠤ ᠦᠢᠯᠡᠰ ᠤᠨ ᠨᠠᠷᠢᠯᠢᠭ ᠡᠳ᠋ᠰᠢᠭᠦᠯᠦᠨ ᠪᠤᠯᠪᠠᠰᠤᠷᠠᠭᠤᠯᠬᠤ ᠲᠦᠷᠦᠯ ᠵᠦᠢᠯ ᠰᠦᠨᠢᠳ ᠪᠠᠷᠠᠭᠤᠨ ᠬᠤᠰᠢᠭᠤᠨ ᠳᠤ ᠪᠠᠷᠢᠯᠭ᠎ᠠ ᠡᠬᠢᠯᠡᠪᠠ᠃ ᠡᠨᠡ ᠭᠦ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠨᠢ ᠲᠤᠰ ᠬᠤᠰᠢᠭᠤᠨ ᠤ ᠮᠠᠯ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠵᠦ᠂ ︽ᠪᠤᠭ ᠮᠠᠯ ᠢ ᠴᠦᠬᠡᠳᠭᠡᠨ ᠲᠡᠮᠡᠭᠡ ᠶᠢ ᠨᠡᠮᠡᠭᠳᠡᠭᠦᠯᠬᠦ︾ ᠪᠠᠶᠢᠯᠳᠤᠬᠤ ᠪᠤᠳᠤᠯᠭ᠎ᠠ ᠶᠢ ᠨᠠᠶᠢᠳᠠᠪᠤᠷᠢᠵᠢᠭᠤᠯᠬᠤ᠂ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠳᠤ ᠢᠳᠡᠪᠬᠢ ᠦᠢᠯᠡᠳᠦᠯ ᠦᠵᠡᠭᠦᠯᠬᠦ ᠲᠠᠯ᠎ᠠ ᠪᠠᠷ ᠴᠦᠮ ᠴᠢᠬᠤᠯᠠ ᠠᠴᠢ ᠬᠤᠯᠪᠤᠭᠳᠠᠯ ᠲᠠᠢ ᠶᠤᠮ᠃      • ᠤᠢᠢᠷ᠎ᠠ ᠶᠢᠨ ᠡᠳᠦᠷ᠂ ᠪᠦᠬᠦ ᠤᠷᠤᠨ ᠤ ᠮᠤᠩᠭᠤᠯ ᠬᠢᠳᠠᠳ ᠬᠤᠤᠰ ᠬᠡᠯᠡᠨ ᠤ ᠬᠠᠤᠯᠢᠴᠢ ᠶᠢᠨ ᠪᠤᠯᠪᠠᠰᠤᠷᠠᠯ ᠤᠨ ᠠᠩᠬᠢ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠰᠤᠷᠤᠯᠭ᠎ᠠ ᠡᠬᠢᠯᠡᠵᠦ 80 ᠭᠠᠷᠤᠢ ᠮᠤᠩᠭᠤᠯ ᠬᠢᠳᠠᠳ ᠬᠤᠤᠰ ᠬᠡᠯᠡᠨ ᠤ ᠬᠠᠤᠯᠢᠴᠢ ᠪᠤᠯᠪᠠᠰᠤᠷᠠᠯ ᠳᠤ ᠤᠷᠤᠯᠴᠠᠪᠠ᠃      • ᠤᠯᠤᠰ ᠤᠨ ᠡᠮ ᠡᠮᠨᠡᠯᠭᠡ ᠶᠢᠨ ᠪᠠᠳᠤᠯᠠᠭ᠎ᠠ ᠶᠢᠨ ᠲᠤᠪᠴᠢᠶᠠᠨ ᠤ ᠨᠡᠶᠢᠳᠡᠯᠡᠭᠰᠡᠨ ᠎ ᠢᠶᠠᠷ᠂ ᠦᠮᠡᠨ ᠢ ᠡᠰᠡᠷᠭᠦᠴᠡᠬᠦ 17 ᠵᠦᠢᠯ ᠤᠨ ᠡᠮ ᠢ ᠡᠮ ᠡᠮᠨᠡᠯᠭᠡ ᠶᠢᠨ ᠪᠠᠳᠤᠯᠠᠭ᠎ᠠ ᠶᠢᠨ ᠲᠠᠩᠰᠠ ᠠᠴᠠ ᠴᠠᠶᠢᠷᠠᠭᠤᠯᠬᠤ ᠲᠦᠷᠦᠯ ᠳᠤ ᠤᠷᠤᠭᠤᠯᠵᠦ᠂ ᠶᠡᠷᠦ ᠶᠢᠨ ᠴᠠᠭ ᠤᠨ ᠦᠨ᠎ᠡ ᠲᠠᠢ ᠬᠠᠷᠢᠴᠠᠭᠤᠯᠪᠠᠯ ᠲᠤᠮᠳᠠᠴᠢ ᠪᠠᠷ 56.7%᠎ ᠪᠠᠷ ᠲᠤᠷᠤᠭᠰᠢᠯᠠᠭᠰᠠᠨ ᠪᠠᠶᠢᠨ᠎ᠠ᠃      • ᠲᠤᠮᠳᠠᠳᠤ ᠤᠯᠤᠰ ᠤᠨ ᠰᠦᠨ ᠪᠦᠳᠦᠭᠡᠭᠳᠡᠭᠦᠨ ᠤ ᠠᠵᠤ ᠦᠢᠯᠡᠳᠪᠦᠷᠢ ᠶᠢᠨ ᠨᠡᠶᠢᠭᠡᠮᠯᠢᠭ ᠤᠢᠢᠷ᠎ᠠ ᠳᠤ ᠪᠠᠶᠢᠴᠠᠭᠠᠯᠳᠠ ᠶᠢᠨ ᠮᠡᠳᠡᠭᠦᠯᠦᠯᠳᠡ ᠨᠡᠶᠢᠳᠡᠯᠡᠵᠦ᠂ ᠮᠠᠨ ᠤ ᠤᠯᠤᠰ ᠤᠨ ᠰᠠᠭᠤᠭᠠᠯᠢ ᠠᠷᠠᠳ ᠤᠨ ᠢᠳᠡᠵᠦ ᠤᠤᠭᠤᠵᠦ ᠪᠠᠶᠢᠭ᠎ᠠ ᠰᠦᠨ ᠪᠦᠳᠦᠭᠡᠭᠳᠡᠭᠦᠨ ᠤ ᠲᠦᠷᠦᠯ ᠵᠦᠢᠯ ᠬᠠᠷᠢᠴᠠᠩᠭᠤᠢ ᠪᠠᠷ ᠲᠠᠩ ᠴᠤᠯᠭᠤᠢ ᠪᠠᠶᠢᠵᠦ᠂ ᠤᠯᠠᠩᠬᠢ ᠨᠢ ᠵᠦᠪᠬᠡᠨ ᠰᠦ ᠪᠤᠶᠤ ᠡᠬᠡᠳᠡᠭᠰᠡᠨ ᠰᠦ ᠤᠤᠭᠤᠳᠠᠭ᠂ ᠪᠤᠰᠤᠳ ᠰᠦᠨ ᠪᠦᠳᠦᠭᠡᠭᠳᠡᠭᠦᠨ ᠢᠳᠡᠵᠦ ᠪᠠᠶᠢᠭ᠎ᠠ ᠬᠦᠮᠦᠨ 20% ᠴᠦ ᠬᠦᠷᠬᠦ ᠦᠭᠡᠢ ᠪᠠᠶᠢᠨ᠎ᠠ᠃ ᠰᠦᠨ ᠪᠦᠳᠦᠭᠡᠭᠳᠡᠭᠦᠨ ᠢᠯᠡᠭᠦᠦ ᠢᠳᠡᠬᠦ ᠨᠢ ᠪᠡᠶ᠎ᠡ ᠶᠢᠨ ᠡᠷᠡᠭᠦᠯ ᠴᠢᠬᠢᠷᠠᠭ ᠲᠤ ᠲᠤᠰᠠᠳᠠᠢ ᠭᠡᠵᠦ ᠲᠤᠰᠬᠠᠢ ᠮᠡᠷᠭᠡᠵᠢᠯᠳᠡᠨ ᠠᠴᠠ ᠰᠠᠨᠠᠭᠤᠯᠵᠦ ᠪᠠᠶᠢᠨ᠎ᠠ ᠭᠡᠪᠡ᠃      • ᠭᠠᠳᠠᠭᠠᠳᠤ ᠶᠠᠪᠤᠳᠠᠯ ᠤᠨ ᠶᠠᠮᠤᠨ ᠲᠦᠷᠦᠭᠦᠭᠡᠨ ᠢᠯᠡᠷᠬᠡᠶᠢᠯᠡᠬᠦ ᠳᠡᠭᠡᠨ᠂ ᠲᠤᠮᠳᠠᠳᠤ ᠶᠢᠨ ᠲᠠᠯ᠎ᠠ ᠶᠢᠨ ᠬᠢᠨ ᠲᠤᠳᠤᠭᠠᠳᠤ ᠵᠠᠰᠠᠭ ᠲᠤ ᠶᠡᠷᠦ ᠠᠴᠠ ᠭᠠᠷ ᠲᠦᠷᠦᠭᠦ ᠦᠭᠡᠢ ᠵᠠᠷᠴᠢᠮ ᠢ ᠪᠠᠷᠢᠮᠳᠠᠯᠠᠳᠠᠭ ᠪᠦᠭᠡᠳ ᠠᠮᠧᠷᠢᠺᠠ ᠶᠢᠨ ᠲᠤᠳᠤᠭᠠᠳᠤ ᠵᠠᠰᠠᠭ ᠪᠤᠯᠤᠨ ᠰᠤᠩᠭᠤᠭᠤᠯᠢ ᠳᠤ ᠭᠠᠷ ᠲᠦᠷᠦᠭᠦ ᠶᠡᠷᠦ ᠠᠴᠠ ᠲᠤᠷ᠎ᠠ ᠦᠭᠡᠢ᠂ ᠠᠮᠧᠷᠢᠺᠠ ᠶᠢᠨ ᠲᠠᠯ᠎ᠠ ᠶᠢᠨ ᠬᠢᠨ ᠲᠤᠮᠳᠠᠳᠤ ᠤᠯᠤᠰ ᠢ ᠶᠤᠰᠤ ᠪᠤᠰᠤ ᠪᠠᠷ ᠬᠦᠳᠬᠡᠬᠦ ᠪᠠ ᠰᠢᠭᠦᠮᠵᠢᠯᠡᠬᠦ ᠪᠠᠨ ᠪᠤᠯᠢᠬᠤ ᠶᠢ ᠢᠳᠬᠠᠵᠦ ᠪᠠᠶᠢᠨ᠎ᠠ ᠬᠡᠪᠡ᠃      • 11᠎ ᠤ ᠡᠳᠦᠷ ᠠᠴᠠ ᠡᠬᠢᠯᠡᠨ ᠤᠷᠤᠰ ᠪᠤᠯᠤᠨ ᠮᠤᠩᠭᠤᠯ ᠤᠯᠤᠰ ᠤᠨ ᠵᠡᠪᠰᠡᠭᠳᠦ ᠬᠦᠴᠦᠨ ᠤ ᠬᠢᠨ ᠤᠷᠤᠰ ᠤᠨ ᠪᠦᠬᠦᠳᠡ ᠨᠠᠶᠢᠷᠠᠮᠳᠠᠬᠤ ᠪᠦᠷᠢᠶᠡᠳ ᠤᠯᠤᠰ ᠲᠤ ᠰᠦᠷᠳᠡᠭᠦᠯᠦᠯ ᠢ ᠡᠰᠡᠷᠭᠦᠴᠡᠬᠦ ᠰᠤᠷᠢᠯᠳᠠ ᠬᠢᠬᠦ ᠪᠠᠷ ᠪᠠᠶᠢᠨ᠎ᠠ᠃      ᠵᠠᠯᠭᠠᠭᠠᠳ ᠰᠤᠶᠤᠯ ᠲᠠᠮᠢᠷ ᠤᠨ ᠮᠡᠳᠡᠭᠡ ᠠᠴᠠ ᠤᠢᠢᠯᠠᠭᠠᠶ᠎ᠠ      • ᠭᠤᠴᠢᠨ ᠨᠠᠢᠮᠠᠳᠤᠭᠠᠷ ᠬᠤᠭᠤᠴᠭᠠᠨ ᠤ ᠪᠡᠭᠡᠵᠢᠩ ᠤᠨ ᠨᠠᠭᠠᠳᠤᠮ 10 ᠰᠠᠷ᠎ᠠ ᠶᠢᠨ 20᠎ ᠤ ᠡᠳᠦᠷ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠳᠤ ᠶᠠᠪᠤᠭᠳᠠᠬᠤ ᠪᠠᠷ ᠪᠤᠢ᠃      • ᠲᠦᠩᠯᠢᠶᠤᠤ ᠬᠤᠳᠠ ᠶᠢᠨ ᠵᠠᠷᠤᠳ ᠬᠤᠰᠢᠭᠤ ᠪᠠᠷ ᠨᠤᠳᠤᠭᠳᠠᠢ ᠵᠠᠯᠠᠭᠤ ᠲᠠᠭᠤᠴᠢᠨ ᠠᠮᠤᠭᠤᠯᠠᠩ ᠤᠨ ᠠᠩᠬᠠᠳᠠᠭᠴᠢ ᠪᠡᠶ᠎ᠡ ᠪᠠᠨ ᠲᠠᠭᠠᠭᠠᠭᠰᠠᠨ ᠲᠤᠭᠯᠠᠯᠳᠠ ᠶᠢᠨ ᠰᠤᠨᠢᠨ ᠮᠡᠳᠡᠭᠡ ᠨᠡᠶᠢᠳᠡᠯᠡᠬᠦ ᠬᠤᠷᠠᠯ ᠤᠢᠢᠷ᠎ᠠ ᠶᠢᠨ ᠡᠳᠦᠷ ᠪᠡᠭᠡᠵᠢᠩ ᠳᠤ ᠪᠤᠯᠵᠦ᠂ ᠡᠨᠡᠬᠦ ᠲᠤᠭᠯᠠᠯᠳᠠ ᠨᠢ ᠡᠨᠡ ᠵᠢᠯ ᠤᠨ 12 ᠰᠠᠷ᠎ᠠ ᠶᠢᠨ 2᠎ ᠤᠨ ᠤᠷᠤᠢ ᠪᠡᠭᠡᠵᠢᠩ ᠤᠨ ᠲᠢᠶᠠᠨ ᠴᠢᠶᠤᠤ ᠤᠷᠠᠯᠢᠭ ᠤᠨ ᠲᠦᠪ ᠤᠷᠳᠤᠨ ᠳᠤ ᠪᠤᠯᠬᠤ ᠪᠠᠷ ᠪᠠᠶᠢᠭ᠎ᠠ ᠶᠢ ᠨᠡᠶᠢᠳᠡᠯᠡᠭᠰᠡᠨ ᠪᠠᠶᠢᠨ᠎ᠠ᠃      • ᠦᠬᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠭᠰᠠᠨ 40 ᠵᠢᠯ ᠤᠨ ᠤᠢ ᠶᠢ ᠪᠡᠯᠭᠡᠯᠡᠬᠦ ᠪᠦᠬᠦ ᠤᠷᠤᠨ ᠤ ᠠᠭᠤᠳᠠᠮ ᠲᠠᠯᠠᠪᠠᠢ ᠶᠢᠨ ᠪᠦᠵᠢᠭ ᠤᠨ ᠲᠤᠭᠯᠠᠯᠳᠠ 10 ᠰᠠᠷ᠎ᠠ ᠶᠢᠨ 11᠎ ᠤ ᠡᠳᠦᠷ᠂ ᠬᠢᠩᠭᠠᠨ ᠠᠶᠢᠮᠠᠭ ᠲᠤ ᠦᠪᠡᠳᠡᠭᠰᠢ ᠶᠡᠭᠡᠪᠡᠷ ᠶᠠᠪᠤᠭᠳᠠᠭᠰᠠᠨ ᠪᠠᠶᠢᠨ᠎ᠠ᠃      ᠵᠠᠯᠭᠠᠭᠠᠳ ᠦᠢᠯᠡᠴᠢᠯᠡᠭᠡᠨ ᠤ ᠮᠡᠳᠡᠭᠡ ᠠᠴᠠ ᠲᠠᠮᠵᠢᠭᠤᠯᠤᠶ᠎ᠠ      • 10᠎ ᠤ ᠡᠳᠤᠷ ᠤᠨ 18 ᠴᠠᠭ ᠪᠤᠯᠳᠠᠯ᠎ᠠ ᠬᠦᠬᠡᠬᠤᠳᠠ ᠶᠢᠨ ᠲᠤᠯᠠᠭᠠᠯᠭ᠎ᠠ ᠬᠠᠩᠭᠠᠬᠤ 18 ᠠᠵᠤ ᠠᠬᠤᠶᠢᠯᠠᠯ ᠤᠷᠢᠳᠴᠢᠯᠠᠨ ᠲᠤᠯᠠᠭᠠᠯᠭ᠎ᠠ ᠬᠠᠩᠭᠠᠵᠦ᠂ ᠲᠤᠯᠠᠭᠠᠯᠭ᠎ᠠ ᠬᠠᠩᠭᠠᠭᠰᠠᠨ ᠲᠠᠯᠠᠪᠠᠢ ᠨᠢ 7081 ᠲᠦᠮᠡᠨ ᠺᠤᠧᠠᠳ᠋ ᠮᠧᠲᠷ᠂ ᠪᠦᠬᠦ ᠬᠤᠳᠠ ᠶᠢᠨ ᠲᠤᠯᠠᠭᠠᠯᠭ᠎ᠠ ᠬᠠᠩᠭᠠᠬᠤ ᠶᠡᠷᠦᠩᠬᠡᠢ ᠲᠠᠯᠠᠪᠠᠢ ᠶᠢᠨ 49.1%᠎ ᠶᠢ ᠡᠵᠡᠯᠡᠭᠰᠡᠨ ᠪᠠᠶᠢᠨ᠎ᠠ᠃      • ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ 2019 ᠤᠨ ᠤ ︿ᠴᠦᠬᠡᠨ ᠲᠤᠭᠠᠳᠤ ᠦᠨᠳᠤᠰᠦᠳᠡᠨ ᠤ ᠲᠡᠭᠡᠳᠤ ᠲᠦᠪᠰᠢᠨ ᠤ ᠭᠤᠤᠯᠯᠠᠬᠤ ᠬᠦᠴᠦᠨ ᠤ ᠴᠢᠳᠠᠪᠤᠷᠢᠳᠠᠨ ᠤ ᠲᠦᠯᠦᠪᠯᠡᠭᠡ﹀᠎ ᠶᠢᠨ ᠠᠰᠫᠢᠷᠠᠨᠲ ᠶᠢᠨ ᠨᠡᠷ᠎ᠡ ᠪᠦᠷᠢᠳᠭᠡᠭᠦᠯᠬᠦ ᠠᠵᠢᠯ ᠨᠢᠭᠡᠨᠳᠡ ᠡᠬᠢᠯᠡᠭᠰᠡᠨ ᠪᠠᠶᠢᠨ᠎ᠠ᠃ ᠠᠰᠫᠢᠷᠠᠨᠲ ᠤᠨ ᠨᠡᠷ᠎ᠡ ᠪᠦᠷᠢᠳᠬᠡᠬᠦᠯᠤᠨ ᠬᠢᠨᠠᠨ ᠰᠢᠯᠭᠠᠬᠤ ᠴᠠᠭ᠄ 10 ᠰᠠᠷ᠎ᠠ ᠶᠢᠨ 9-24᠎ ᠤ ᠡᠳᠤᠷ ᠪᠤᠯᠳᠠᠯ᠎ᠠ᠃ ᠳ᠋ᠤᠺᠲ᠋ᠤᠷᠠᠨᠲ ᠤᠨ ᠨᠡᠷ᠎ᠡ ᠪᠦᠷᠢᠳᠬᠡᠬᠦᠯᠦᠨ ᠬᠢᠨᠠᠨ ᠰᠢᠯᠭᠠᠬᠤ ᠴᠠᠭ᠄ 11 ᠰᠠᠷ᠎ᠠ ᠶᠢᠨ 1᠎ ᠤ ᠡᠳᠤᠷ ᠠᠴᠠ 12 ᠰᠠᠷ᠎ᠠ ᠶᠢᠨ 22᠎ ᠤᠨ ᠡᠳᠤᠷ ᠪᠤᠯᠳᠠᠯ᠎ᠠ᠃ ᠴᠢᠩᠬᠤᠸᠠ ᠶᠡᠭᠡ ᠰᠤᠷᠭᠠᠭᠤᠯᠢ ᠶᠢᠨ ᠳ᠋ᠤᠺᠲ᠋ᠤᠷᠠᠨᠲ ᠤᠨ ᠨᠡᠷ᠎ᠡ ᠪᠦᠷᠢᠳᠬᠡᠬᠦᠯᠦᠨ ᠬᠢᠨᠠᠨ ᠰᠢᠯᠭᠠᠬᠤ ᠴᠠᠭ᠄ 10 ᠰᠠᠷ᠎ᠠ ᠶᠢᠨ 9- 24᠎ ᠤ ᠡᠳᠤᠷ ᠪᠤᠯᠳᠠᠯ᠎ᠠ᠃ ᠨᠠᠷᠢᠨ ᠠᠭᠤᠯᠭ᠎ᠠ ᠶᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠤᠨ ᠠᠯᠪᠠᠨ ᠰᠦᠯᠵᠢᠶ᠎ᠡ ᠠᠴᠠ ᠠᠩᠬᠠᠷᠬᠤ ᠪᠤᠯᠪᠠᠤ᠃      ᠦᠨᠦᠳᠦᠷ ᠤᠨ ᠨᠡᠪᠳᠡᠷᠡᠭᠦᠯᠭᠡ ᠮᠠᠨᠢ ᠡᠶᠢᠨᠬᠦ ᠦᠨᠳᠦᠷᠯᠡᠵᠦ ᠪᠠᠶᠢᠨ᠎ᠠ᠃ ᠮᠡᠳᠡᠭᠡ ᠶᠢ ᠮᠢᠨᠢ ᠬᠦᠯᠢᠶᠠᠨ ᠰᠤᠨᠤᠰᠴᠤ᠂ ᠤᠷᠮ᠎ᠠ ᠬᠠᠶᠢᠷᠠᠯᠠᠭᠰᠠᠨ ᠲᠠ ᠪᠦᠬᠦᠨ ᠳᠡᠭᠡᠨ ᠠᠵᠠ ᠵᠢᠷᠭᠠᠯ ᠬᠦᠰᠡᠨ ︽ᠠᠢ ᠪᠠᠷᠾᠠᠨ ᠨᠤᠳᠤᠭ ᠮᠢᠨᠢ︾ ᠭᠡᠰᠡᠨ ᠳᠠᠭᠤᠤ ᠪᠠᠷ ᠠᠶ᠎ᠠ ᠪᠠᠷᠢᠵᠦ ᠨᠡᠪᠲᠡᠷᠡᠬᠦᠯᠭᠡ ᠪᠠᠨ ᠵᠢᠷᠭᠠᠭᠠᠶ᠎ᠠ︕ ᠲᠠ ᠪᠥᠬᠦᠨ ᠤ ᠬᠥᠯᠢᠶᠡᠨ ᠠᠪᠴᠤ ᠰᠤᠨᠤᠰᠤᠭᠰᠡᠨ ᠳᠤ ᠪᠠᠶᠠᠷᠯᠠᠯ᠎ᠠ︕ ᠪᠠᠶᠠᠷᠲᠠᠢ︕      ᠨᠠᠶᠢᠷᠠᠭᠤᠯᠤᠨ ᠨᠡᠪᠳᠡᠷᠡᠭᠦᠯᠦᠭᠴᠢ᠄ ᠪᠤᠯᠤᠷ      ᠮᠡᠷᠭᠡᠵᠢᠯ᠄ ᠬᠦᠬᠡᠪᠠᠷᠰ      ᠬᠢᠨᠠᠭᠴᠢ᠄ ᠬᠤᠤᠰ
ᠬᠤᠪᠢᠶᠠᠯᠴᠠᠬᠤ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号