10 ᠰᠠᠷ᠎ᠠ ᠶᠢᠨ 6᠎ ᠤ ᠡᠳᠤᠷ
ᠡᠬᠢᠯᠡᠬᠦ ᠴᠠᠭ᠄
2018-10-06 09:38:10
ᠣᠷᠠᠯᠢᠭᠴᠢᠨ᠄
ᠲᠣᠲᠥᠷᠬᠠᠢ ᠦᠭᠡᠢ
ᠦᠭᠡ ᠨᠠᠶᠢᠷᠠᠭᠴᠢ᠄
ᠲᠣᠲᠥᠷᠬᠠᠢ ᠦᠭᠡᠢ
ᠠᠶ᠎ᠠ ᠨᠠᠶᠢᠷᠠᠭᠴᠢ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄
    ᠡᠷᠬᠢᠮ ᠬᠦᠠᠳᠦᠲᠦ ᠰᠦᠯᠵᠢᠶᠡᠨ ᠠᠠᠳᠠ ᠨᠠᠷ ᠮᠢᠨᠢ ᠰᠠᠶᠢᠨ ᠪᠠᠶᠢᠨᠠᠤ︖     ᠦᠨᠥᠳᠦᠷ ᠪᠣᠯ 2018 ᠣᠨ ᠤ 10 ᠰᠠᠷ᠎ᠠ ᠶᠢᠨ 6᠂ ᠪᠢᠯᠢᠭ ᠤᠨ ᠤᠯᠠᠷᠢᠯ ᠤᠨ ᠰᠢᠷ᠎ᠠ ᠨᠤᠬᠠᠢ ᠵᠢᠯ ᠤᠨ 8 ᠰᠠᠷ᠎ᠠ ᠶᠢᠨ 27᠂ ᠭᠠᠷᠠᠭ ᠤᠨ ᠵᠢᠷᠭᠤᠭᠠᠨ᠂ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠶᠢᠨ ᠬᠠᠮ ᠵᠠᠭᠤᠴᠢᠯᠠᠭᠤᠷ ᠤᠨ ︽ᠦᠷᠯᠥᠭᠡ ᠶᠢᠨ ᠮᠡᠳᠡᠭᠡ︾ ᠲᠠ ᠪᠦᠬᠦᠨ ᠲᠠᠢ ᠮᠡᠠᠳᠦᠴᠢᠯᠡᠨ ᠵᠣᠯᠭᠠᠵᠥ ᠪᠠᠶᠢᠨ᠎ᠠ᠃          ᠨᠡᠶᠢᠭᠡᠮ ᠤᠨ ᠰᠣᠨᠢᠨ ᠮᠡᠳᠡᠭᠡ● ᠡᠨᠡ ᠵᠢᠯ ᠠᠴᠠ ᠮᠠᠨ ᠤ ᠤᠯᠤᠰ ᠨᠠᠮᠤᠷ ᠤᠨ ᠬᠤᠭᠤᠰ ᠢ ︽ᠲᠤᠮᠳᠠᠳᠤ ᠤᠯᠤᠰ ᠤᠨ ᠲᠠᠷᠢᠶᠠᠴᠢᠳ ᠤᠨ ᠡᠯᠪᠡᠭ ᠬᠤᠷᠢᠶᠠᠯᠳᠠ ᠶᠢᠨ ᠪᠠᠶᠠᠷ︾᠎ ᠢᠶᠠᠷ ᠲᠤᠭᠳᠠᠭᠠᠭᠰᠠᠨ ᠪᠦᠬᠡᠳ ᠡᠨᠡ ᠵᠢᠯ ᠶᠠᠭ ᠤᠯᠤᠰ ᠤᠨ ᠪᠠᠶᠠᠷ ᠤᠨ ᠠᠮᠠᠷᠠᠯᠳᠠ ᠶᠢᠨ ᠬᠤᠭᠤᠴᠠᠭ᠎ᠠ ᠲᠠᠢ ᠲᠤᠬᠢᠶᠠᠭᠰᠠᠨ ᠪᠤᠯᠬᠤᠷ ︽ᠡᠯᠪᠡᠭ ᠬᠤᠷᠢᠶᠠᠯᠳᠠ ᠶᠢᠨ ᠵᠤᠭᠠᠴᠠᠯ︾᠎ ᠨᠢ ᠤᠢᠢᠷ᠎ᠠ ᠶᠢᠨ ᠬᠡᠳᠦᠨ ᠡᠳᠦᠷ ᠤᠨ ᠬᠠᠯᠠᠮᠰᠢᠯ ᠦᠵᠡᠭᠳᠡᠯ ᠪᠤᠯᠵᠠᠢ᠃ ● ᠤᠢᠢᠷ᠎ᠠ ᠳᠤ᠂ ᠦᠪᠡᠷᠲᠡᠭᠡᠨ ᠵᠠᠰᠠᠬᠤ ᠤᠷᠣᠨ ᠤ ᠬᠠᠤᠯᠢ ᠴᠠᠭᠠᠵᠠ ᠶᠢᠨ ᠲᠢᠩᠬᠢᠮ ᠪᠦᠬᠦ ᠤᠷᠣᠨ ᠤ ︽ᠳᠤᠯᠣᠳᠤᠭᠠᠷ ᠲᠠᠪᠣᠨ ᠵᠢᠯ︾᠎ ᠤᠨ ᠬᠠᠤᠯᠢ ᠶᠢᠨ ᠮᠡᠳᠡᠯᠭᠡ ᠲᠦᠭᠡᠮᠡᠯᠵᠢᠭᠦᠯᠬᠦ ᠠᠵᠢᠯᠯᠠᠭ᠎ᠠ ᠶᠢᠨ ᠳᠤᠮᠳᠠ ᠬᠤᠭᠤᠴᠠᠭᠠᠨ ᠤ ᠪᠠᠶᠢᠴᠠᠭᠠᠯᠲᠠ ᠶᠢᠨ ᠪᠤᠯᠪᠠᠰᠤᠷᠠᠯ ᠤᠨ ᠠᠩᠬᠢ ᠡᠷᠬᠢᠯᠡᠵᠥ᠂ 9 ᠪᠠᠶᠢᠴᠠᠭᠠᠬᠤ ᠳᠤᠭᠤᠢᠢᠯᠠᠩ ᠭᠠᠷᠭᠠᠵᠥ᠂ 12 ᠠᠶᠢᠮᠠᠭ ᠬᠤᠲᠠ ᠪᠠ ᠦᠪᠡᠷᠲᠡᠭᠡᠨ ᠵᠠᠰᠠᠬᠤ ᠤᠷᠣᠨ ᠤ ᠰᠢᠭᠤᠳ ᠬᠠᠷᠢᠶ᠎ᠠ ᠪᠠᠶᠢᠭᠤᠯᠭ᠎ᠠ ᠨᠢᠭᠡᠴᠢ ᠪᠠᠷ ᠬᠦᠷᠴᠥ᠂ ᠡᠯ᠎ᠡ ᠭᠠᠵᠠᠷ ᠤᠷᠣᠨ ᠡᠯ᠎ᠡ ᠰᠠᠯᠠᠭ᠎ᠠ ᠮᠦᠴᠢᠷ ᠤᠨ ︽ᠳᠤᠯᠣᠳᠤᠭᠠᠷ ᠲᠠᠪᠤᠨ ᠵᠢᠯ︾᠎ ᠤᠨ ᠬᠠᠤᠯᠢ ᠶᠢᠨ ᠮᠡᠳᠡᠯᠭᠡ ᠶᠢ ᠲᠦᠭᠡᠮᠡᠯᠵᠢᠭᠦᠯᠬᠦ ᠠᠵᠢᠯᠯᠠᠭ᠎ᠠ ᠶᠢ ᠭᠦᠢᠴᠡᠳᠭᠡᠭᠰᠡᠨ ᠪᠠᠶᠢᠳᠠᠯ ᠤᠨ ᠲᠣᠬᠠᠢ ᠳᠤᠮᠳᠠ ᠬᠤᠭᠤᠴᠠᠭᠠᠨ ᠤ ᠪᠠᠶᠢᠴᠠᠭᠠᠯᠲᠠ ᠬᠢᠬᠦ ᠪᠠᠷ ᠲᠤᠬᠲᠠᠪᠠ᠃● ᠤᠢᠢᠯᠠᠭᠠᠬᠰᠠᠨ ᠢᠶᠠᠷ᠂ ︽ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠭᠠᠶᠢᠯᠢ ᠬᠤᠷᠢᠶᠠᠬᠤ ᠶᠢ ᠪᠠᠲᠤᠯᠠᠬᠤ ᠠᠷᠭ᠎ᠠ︾᠎ ᠶᠢ 10 ᠰᠠᠷ᠎ᠠ ᠶᠢᠨ 1᠎ ᠤ ᠡᠳᠦᠷ ᠠᠴᠠ ᠡᠬᠢᠯᠡᠨ ᠬᠡᠷᠡᠭᠵᠢᠬᠦᠯᠪᠠ᠃● ᠤᠶᠢᠯᠠᠭᠠᠬᠰᠠᠨ ᠢᠶᠠᠷ᠂ ᠵᠠᠰᠠᠭ ᠤᠨ ᠣᠷᠳᠣᠨ ᠤ ᠲᠦᠯᠥᠪᠵᠢᠬᠦᠯᠭᠡ ᠶᠢ ᠦᠨᠳᠦᠰᠦᠯᠡᠨ᠂ ᠬᠦᠬᠡᠬᠤᠲᠠ 2018 ᠣᠨ ᠠᠴᠠ 2020 ᠣᠨ ᠪᠣᠯᠲᠠᠯ᠎ᠠ ᠵᠢᠯ ᠪᠦᠷᠢ 500 ᠰᠢᠨ᠎ᠡ ᠡᠨᠧᠷᠭᠢ ᠶᠢᠨ ᠨᠡᠶᠢᠲᠡ ᠶᠢᠨ ᠮᠠᠰᠢᠨ ᠲᠡᠷᠭᠡ ᠨᠡᠮᠡᠵᠥ᠂ ᠢᠷᠡᠬᠦ ᠬᠤᠶᠠᠷ ᠵᠢᠯ ᠳᠤ ᠳᠠᠬᠢᠭᠠᠳ 1000 ᠴᠠᠬᠢᠯᠭᠠᠨ ᠬᠥᠳᠡᠯᠭᠡᠭᠦᠷᠲᠦ ᠨᠡᠶᠢᠳᠡ ᠶᠢᠨ ᠮᠠᠰᠢᠨ ᠬᠤᠳᠠᠯᠳᠤᠨ ᠠᠪᠴᠦ᠂ 2020 ᠤᠨ ᠪᠤᠯᠳᠠᠯ᠎ᠠ 100%᠎ ᠪᠠᠷ ᠴᠠᠬᠢᠯᠭᠠᠨ ᠬᠦᠳᠡᠯᠭᠡᠭᠦᠷᠢᠲᠦ ᠲᠡᠷᠭᠡ ᠪᠤᠯᠭᠠᠬᠤ ᠶᠢ ᠪᠡᠶᠡᠯᠡᠭᠦᠯᠬᠦ ᠪᠠᠷ ᠪᠠᠶᠢᠨ᠎ᠠ᠃● ᠪᠤᠭᠤᠲᠦ ᠬᠤᠲᠠ ᠨᠢᠭᠡᠨᠲᠡ 23000 ᠳ᠋ᠦᠩᠰᠢᠭᠤᠷ ᠲᠦᠭᠦᠷᠢᠭ ᠤᠨ ᠶᠡᠷᠦᠩᠬᠡᠢ ᠪᠡᠯᠡ ᠤᠷᠣᠭᠤᠯᠤᠯᠲᠠ ᠲᠠᠢ ᠴᠡᠷᠢᠭ ᠠᠷᠠᠳ ᠤᠨ ᠬᠡᠷᠡᠭᠯᠡᠭᠡ ᠶᠢ ᠠᠭᠤᠰᠣᠯᠴᠠᠭᠤᠯᠣᠨ ᠬᠦᠭᠵᠢᠭᠦᠯᠬᠦ 2606 ᠲᠦᠷᠥᠯ ᠵᠦᠢᠯ ᠢ ᠲᠦᠯᠥᠪᠵᠢᠭᠦᠯᠥᠨ ᠬᠠᠳᠠᠭᠠᠯᠠᠭᠠᠳ ᠪᠤᠢ᠃● 10 ᠰᠠᠷ᠎ᠠ ᠶᠢᠨ 1 — 3᠎ ᠤ ᠡᠳᠦᠷ ᠪᠤᠯᠲᠠᠯ᠎ᠠ᠂ ︽ᠤᠮᠠᠷᠠᠲᠦ ᠬᠢᠯᠢ ᠶᠢᠨ ᠰᠢᠨ᠎ᠡ ᠴᠠᠭ ᠦᠶ᠎ᠡ ᠪᠠᠨ ᠮᠠᠬᠲᠠᠨ ᠳᠠᠭᠤᠯᠠᠶ᠎ᠠ — ᠴᠡᠴᠡᠭ ᠤᠨ ᠮᠠᠬᠲᠠᠭᠠᠯ︾ ᠭᠤᠣᠯ ᠰᠡᠳᠦᠪᠲᠦ ᠠᠵᠢᠯᠯᠠᠭ᠎ᠠ ᠦᠪᠦᠷ ᠮᠤᠩᠭᠤᠯ ᠤᠨ ᠦᠵᠡᠭᠦᠯᠭᠡ ᠶᠢᠨ ᠤᠷᠳᠣᠨ ᠳᠤ ᠶᠠᠪᠤᠬᠳᠠᠪᠠ᠃ ᠠᠵᠢᠯᠯᠠᠭ᠎ᠠ ᠶᠢᠨ ᠬᠤᠭᠤᠴᠠᠭᠠᠨ ᠳᠤ ᠡᠳᠦᠷ ᠪᠦᠷᠢ ᠶᠢᠨ ᠲᠤᠬᠲᠠᠬᠰᠠᠨ ᠴᠠᠭ ᠲᠤ ᠴᠡᠴᠡᠭ ᠤᠨ ᠤᠷᠠᠯᠢᠭ ᠤᠨ ᠳᠡᠯᠭᠡᠨ ᠦᠵᠡᠭᠦᠯᠭᠡ ᠡᠷᠬᠢᠯᠡᠵᠥ᠂ ︽ᠲᠠᠯ᠎ᠠ ᠨᠤᠳᠤᠭ ᠤᠨ ᠰᠢᠨ᠎ᠡ ᠵᠠᠮ︾᠂ ︽ᠦᠵᠡᠰᠭᠦᠯᠡᠩᠲᠦ ᠰᠠᠶᠢᠬᠠᠨ ᠣᠮᠠᠷᠠᠲᠦ ᠬᠢᠯᠢ︾ ᠵᠡᠷᠭᠡ 8 ᠪᠦᠳᠦᠭᠡᠯ ᠢ ᠳᠡᠯᠭᠡᠨ ᠦᠵᠡᠭᠦᠯᠵᠡᠢ᠃● ᠤᠢᠢᠯᠠᠭᠠᠬᠰᠠᠨ ᠢᠶᠠᠷ᠂ ᠤᠷᠳᠤᠰ ᠬᠤᠳᠡ ᠶᠢᠨ ᠠᠮᠢ ᠠᠬᠤᠢ ᠤᠷᠴᠢᠨ ᠲᠤᠭᠤᠷᠢᠨ ᠤ ᠶᠡᠰᠤ ᠴᠢᠨᠡᠷ ᠢ ᠦᠨᠡᠯᠡᠬᠦ ᠲᠦᠷᠦᠯ ᠵᠦᠢᠯ ᠢ ᠤᠷᠳᠤᠰ ᠬᠤᠳᠡ ᠪᠤᠯᠤᠨ ᠠᠮᠢ ᠠᠬᠤᠢ ᠤᠷᠴᠢᠨ ᠲᠤᠭᠤᠷᠢᠨ ᠤ ᠶᠠᠮᠤᠨ ᠤ ᠨᠠᠨᠵᠢᠩ ᠤᠨ ᠤᠷᠴᠢᠨ ᠲᠤᠭᠤᠷᠢᠨ ᠤ ᠰᠢᠨᠵᠢᠯᠡᠬᠦ ᠤᠬᠠᠭᠠᠨ ᠰᠤᠳᠤᠯᠭᠠᠨ ᠤ ᠲᠠᠰᠤᠭ ᠬᠠᠮᠳᠤᠷᠠᠨ ᠦᠷᠨᠢᠬᠦᠯᠵᠡᠢ᠃● ᠵᠠᠯᠠᠨ ᠠᠶᠢᠯ ᠬᠤᠲᠠ ᠰᠣᠷᠭᠠᠭᠤᠯᠢ ᠶᠢᠨ ᠨᠠᠰᠤᠨ ᠠᠴᠠ ᠡᠮᠦᠨᠡᠬᠢ ᠰᠣᠷᠭᠠᠨ ᠬᠦᠮᠦᠵᠢᠯ ᠠᠴᠠ ᠶᠡᠭᠡ ᠰᠤᠷᠭᠠᠭᠤᠯᠢ ᠬᠦᠷᠲᠡᠯᠡᠬᠢ ᠪᠦᠬᠦᠨ ᠢ ᠪᠦᠷᠬᠦᠭᠰᠡᠨ ᠰᠣᠷᠭᠠᠨ ᠬᠦᠮᠦᠵᠢᠯ ᠤᠨ ᠬᠠᠪᠰᠤᠷᠣᠨ ᠲᠤᠰᠠᠯᠠᠬᠤ ᠰᠢᠰᠲ᠋ᠧᠮ ᠪᠠᠶᠢᠭᠤᠯᠪᠠ᠃● ᠤᠯᠣᠰ ᠤᠨ ᠪᠠᠶᠠᠷ ᠤᠨ ᠠᠮᠠᠷᠠᠯᠲᠠ ᠶᠢᠨ ᠬᠤᠭᠤᠴᠠᠭᠠᠨ ᠳᠤ᠂ ᠬᠡᠰᠢᠭᠲᠡᠨ ᠬᠤᠰᠢᠭᠤᠨ ᠤ ᠤᠯᠠᠭᠠᠠᠪᠣᠳᠤᠩ ᠤᠨ ᠭᠤᠶᠢᠳᠠ ᠰᠠᠶᠢᠬᠠᠨ ᠦᠵᠡᠮᠵᠢ ᠬᠤᠯᠠ ᠣᠢᠢᠷ᠎ᠠ ᠶᠢᠨ ᠵᠣᠭᠠᠴᠠᠬᠰᠠᠳ ᠤᠨ ᠠᠩᠬᠠᠷᠤᠯ ᠢ ᠲᠠᠲᠠᠵᠥ᠂ ᠪᠦᠷᠢᠨ ᠪᠤᠰᠦ ᠪᠦᠷᠢᠳᠭᠡᠯ ᠢᠶᠠᠷ 10 ᠰᠠᠷ᠎ᠠ ᠶᠢᠨ 1 — 4᠎ ᠤ ᠡᠳᠦᠷ ᠪᠤᠯᠲᠠᠯᠠᠬᠢ ᠵᠣᠭᠠᠴᠠᠬᠰᠠᠳ ᠤᠨ ᠲᠤᠭ᠎ᠠ ᠡᠩ ᠤᠨ ᠵᠢᠯ ᠤᠨ ᠬᠢ ᠠᠴᠠ ᠳᠡᠬᠢᠨ ᠢᠶᠠᠷ ᠨᠡᠮᠡᠭᠳᠡᠪᠡ᠃● 2017 ᠣᠨ ᠳᠤ ᠪᠦᠬᠦ ᠤᠯᠣᠰ ᠤᠨ ᠰᠠᠭᠤᠭᠠᠯᠢ ᠠᠷᠠᠳ ᠤᠨ ᠬᠦᠮᠦᠨ ᠪᠦᠷᠢ ᠳᠤ ᠲᠡᠭᠰᠢᠳᠭᠡᠭᠰᠡᠨ ᠳᠤᠮᠳᠠᠴᠢ ᠤᠷᠣᠯᠭ᠎ᠠ 25975 ᠲᠦᠭᠦᠷᠢᠭ ᠲᠤ ᠬᠦᠷᠦᠭᠰᠡᠨ ᠪᠠᠶᠢᠨ᠎ᠠ᠃          ᠰᠤᠶᠣᠯ ᠲᠠᠮᠢᠷ ᠤᠨ ᠮᠡᠳᠡᠭᠡ● 10 ᠰᠠᠷ᠎ᠠ ᠶᠢᠨ 3᠎ ᠤ ᠡᠳᠦᠷ᠂ 2018 ᠳᠤᠮᠳᠠᠲᠦ ᠤᠯᠣᠰ • ᠡᠵᠡᠨ᠎ᠡ ᠶᠢᠨ ᠠᠷᠪᠠ ᠶᠢᠰᠦᠳᠡᠬᠢ ᠬᠤᠭᠤᠴᠠᠭᠠᠨ ᠤ ᠣᠯᠠᠨ ᠤᠯᠣᠰ ᠤᠨ ᠠᠯᠲᠠᠨ ᠰᠢᠷᠭᠠᠯ ᠳᠤᠣᠷᠠᠢ ᠶᠢᠨ ᠠᠮᠢ ᠠᠬᠤᠢ ᠶᠢᠨ ᠵᠢᠭᠤᠯᠴᠢᠯᠠᠯ ᠤᠨ ᠨᠠᠶᠢᠷ ᠦᠪᠡᠳᠡᠭᠰᠢ ᠶᠡᠬᠡᠪᠡᠷ ᠡᠬᠢᠯᠡᠪᠡ᠃● ᠠᠷᠪᠠᠨ ᠭᠤᠷᠪᠠᠳᠤᠭᠠᠷ ᠬᠤᠭᠤᠴᠠᠭᠠᠨ ᠤ ᠠᠯᠠᠱᠠ ᠪᠠᠭᠠᠳᠤᠷᠴᠤᠳ ᠤᠨ ᠤᠷᠠᠯᠢᠭ ᠤᠨ ᠨᠠᠶᠢᠷ 10 ᠰᠠᠷ᠎ᠠ ᠶᠢᠨ 1 — 4 ᠪᠤᠯᠲᠠᠯ᠎ᠠ ᠶᠠᠪᠤᠬᠳᠠᠪᠠ᠃ ᠡᠷᠭᠦᠨ᠎ᠡ ᠬᠠᠮᠳᠤᠯᠢᠭ ᠤᠨ ᠨᠠᠷᠠᠰᠦ ᠪᠠᠷ ᠤᠳᠣᠷᠢᠳᠤᠭᠠᠴᠢᠯᠠᠬᠰᠠᠨ ᠲᠤᠰ ᠤᠳᠠᠭᠠᠨ ᠤ ᠤᠷᠠᠯᠢᠭ ᠤᠨ ᠨᠠᠶᠢᠷ ᠲᠤ ᠮᠤᠩᠭᠤᠯ ᠣᠯᠤᠰ ᠤᠨ ᠬᠠᠷᠠᠩᠭ᠎ᠠ ᠬᠠᠮᠳᠤᠯᠢᠭ᠂ ᠦᠪᠦᠷ ᠮᠤᠩᠭᠤᠯ ᠤᠨ ᠡᠷᠭᠦᠨ᠎ᠡ᠂ ᠬᠦᠬᠡ ᠬᠡᠭᠡᠷ᠎ᠡ ᠵᠡᠷᠭᠡ 20 ᠭᠠᠷᠤᠢ ᠬᠠᠮᠳᠤᠯᠢᠭ ᠠᠶ᠎ᠠ ᠳᠠᠭᠤᠣ ᠪᠠᠨ ᠡᠷᠭᠦᠨ ᠪᠠᠷᠢᠬᠰᠠᠨ ᠪᠠᠶᠢᠨ᠎ᠠ᠃● ᠬᠦᠪᠡᠭᠡᠲᠦ ᠰᠢᠷ᠎ᠠ ᠬᠤᠰᠢᠭᠤᠨ ᠤ ᠪᠤᠬᠳᠡ ᠶᠢᠨ ᠭᠤᠣᠯ ᠰᠤᠮᠣᠨ ᠤ ᠡᠯᠡᠰᠤᠲᠠᠢ ᠭᠠᠴᠠᠭᠠᠨ ᠤ ᠠᠩᠬᠠᠳᠤᠭᠠᠷ ᠤᠳᠠᠭᠠᠨ ᠤ ᠠᠷᠠᠳ ᠤᠨ ᠨᠠᠭᠠᠳᠤᠮ 10 ᠰᠠᠷ᠎ᠠ ᠶᠢᠨ 13᠎ ᠤ ᠡᠳᠦᠷ ᠡᠯᠡᠰᠦᠲᠠᠢ ᠭᠠᠴᠠᠭᠠᠨ ᠤ ᠳᠤᠯᠣᠭᠠᠨ ᠬᠤᠳᠳᠤᠭ ᠲᠤ ᠶᠠᠪᠤᠬᠳᠠᠨ᠎ᠠ᠃ ᠨᠠᠭᠠᠳᠤᠮ ᠳᠤ 256 ᠢᠳᠡᠷᠴᠤᠳ ᠤᠨ ᠪᠦᠬᠡ᠂ 32 ᠬᠡᠥᠬᠡᠳ ᠤᠨ ᠪᠦᠬᠡ ᠶᠢᠨ ᠪᠠᠷᠢᠯᠳᠤᠭᠠᠨ ᠲᠠᠢ᠃     ᠡᠷᠬᠢᠮ ᠬᠦᠠᠳᠦᠲᠦ ᠰᠤᠨᠣᠰᠤᠬᠴᠢᠳ ᠡ᠂ ᠦᠨᠦᠳᠦᠷ ᠤᠨ ᠨᠡᠪᠲᠡᠷᠡᠭᠦᠯᠭᠡ ᠮᠢᠨᠢ ᠡᠶᠢᠠᠬᠦ ᠦᠠᠳᠦᠷᠯᠡᠵᠥ ᠪᠠᠶᠢᠨ᠎ᠠ᠃ ᠲᠤᠰ ᠳ᠋ᠤᠭᠠᠷ ᠢᠶᠠᠨ ᠪᠢᠳᠡ ᠪᠤᠯᠣᠳᠪᠠᠭᠠᠳᠤᠷ ᠤᠨ ᠳᠠᠭᠤᠯᠠᠬᠰᠠᠨ ︽ᠰᠡᠳᠬᠢᠯ ᠤᠨ ᠭᠦᠨ ᠳᠤ︾ ᠭᠡᠬᠦ ᠠᠶ᠎ᠠ ᠳᠠᠭᠤᠣ ᠪᠠᠷ ᠵᠢᠷᠭᠠᠭᠠᠵᠥ ᠪᠠᠶᠢᠨ᠎ᠠ︕ ᠲᠠ ᠪᠦᠬᠦᠨ ᠤ ᠬᠦᠯᠢᠶᠡᠨ ᠠᠪᠴᠦ ᠰᠤᠨᠣᠰᠤᠬᠰᠠᠨ ᠳᠤ ᠪᠠᠶᠠᠷᠯᠠᠯ᠎ᠠ᠃ ᠳᠠᠷᠠᠭᠠᠴᠢ ᠶᠢᠨ ᠳ᠋ᠤᠭᠠᠷ ᠲᠤ ᠳᠠᠬᠢᠨ ᠵᠣᠯᠭᠠᠶ᠎ᠠ᠂ ᠪᠠᠶᠠᠷᠲᠠᠢ︕                  ᠨᠠᠶᠢᠷᠠᠭᠤᠯᠣᠨ ᠨᠡᠪᠲᠡᠷᠡᠭᠦᠯᠥᠭᠴᠢ᠄                  ᠦᠯᠵᠡᠶᠢᠪᠠᠲᠦ ᠮᠡᠷᠭᠡᠵᠢᠯ᠄ ᠤᠶᠣᠠᠳᠠᠯᠠᠢ                  ᠬᠢᠨᠠᠬᠴᠢ᠄ ᠴᠡᠴᠡᠭ
ᠬᠤᠪᠢᠶᠠᠯᠴᠠᠬᠤ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号