1998 — 2008᠄ ᠮᠤᠩᠭᠤᠯ ᠵᠤᠬᠢᠶᠠᠮᠠᠯ ᠳᠠᠭᠤᠤ ᠷᠤᠺ ᠫᠤᠫ ᠬᠠᠮᠳᠤᠯᠢᠭ ᠤᠨ ᠰᠢᠨ᠎ᠠ ᠴᠠᠭ ᠦᠶ᠎ᠠ ᠪᠠᠨ ᠡᠬᠢᠯᠡᠬᠦᠯᠦᠯ᠎ᠠ
2018-10-11 16:56:13
ᠵᠣᠬᠢᠶᠠᠭᠴᠢ᠄ 
ᠰᠢᠯᠢᠨᠭᠡᠷᠡᠯ
ᠣᠩᠰᠢᠭᠰᠠᠨ ᠣᠳᠠᠭ᠎ᠠ᠄ 
★★★☆☆
    1998 — 2008 ᠤᠨ ᠪᠤᠯᠳᠠᠯᠠᠬᠢ ᠵᠠᠭᠤᠨ ᠰᠤᠨᠳᠠᠯᠠᠭᠰᠠᠨ ᠠᠷᠪᠠᠨ ᠵᠢᠯ ᠪᠤᠯ ᠦᠪᠦᠷ ᠮᠤᠩᠭᠤᠯ ᠤᠨ ᠷᠤᠺ ᠫᠤᠫ ᠲᠠᠭᠤᠤ ᠪᠠ ᠬᠠᠮᠳᠤᠯᠢᠭ ᠤᠨ ᠬᠦᠪᠦᠷᠡᠨ ᠨᠠᠬᠢᠶᠠᠯᠠᠵᠦ᠂ ᠪᠠᠳᠠᠷᠠᠨ ᠴᠡᠴᠡᠭᠯᠡᠭᠰᠡᠨ ᠴᠠᠭ ᠦᠶ᠎ᠠ ᠶᠤᠮ᠃ ᠮᠠᠨ ᠤ ᠤᠷᠤᠨ ᠤ ᠬᠠᠮᠤᠭ ᠤᠨ ᠠᠩᠬᠠᠨ ᠤ ᠷᠤᠺ ᠬᠠᠮᠳᠤᠯᠢᠭ ᠬᠡᠮᠡᠭᠳᠡᠭᠰᠡᠨ ︽ᠬᠦᠬᠡ ᠬᠡᠬᠡᠷ᠎ᠠ︾ ᠬᠠᠮᠳᠤᠯᠢᠭ ᠢ ᠡᠬᠦᠰᠭᠡᠨ ᠪᠠᠶᠢᠭᠤᠯᠤᠭᠴᠢ ᠪᠠᠶᠠᠨ ᠤ ᠡᠷᠬᠢᠴᠡᠬᠦᠯᠬᠦ ᠪᠠᠷ᠂ 1998 ᠤᠨ ᠳᠤ ᠠᠩᠬ᠎ᠠ ᠬᠠᠮᠳᠤᠯᠢᠭ ᠢᠶᠠᠨ ᠪᠠᠶᠢᠭᠤᠯᠵᠦ᠂ ᠲᠠᠷᠠᠭ᠎ᠠ ᠵᠢᠯ ᠨᠢ ᠬᠠᠮᠳᠤᠯᠢᠭ ᠤᠨ ᠴᠤᠭᠯᠠᠭᠠᠨ ᠬᠢᠬᠦ ᠳᠤ ᠪᠦᠬᠦ ᠤᠷᠤᠨ ᠠᠴᠠ ᠳᠠᠪᠤᠬᠠᠨ ᠬᠠᠮᠳᠤᠯᠢᠭ ᠤᠷᠤᠯᠴᠠᠵᠦ ᠪᠠᠶᠢᠭᠰᠠᠨ ᠪᠤᠯ 2000 ᠤᠨ ᠪᠤᠯᠵᠦ ᠬᠤᠶᠠᠳᠠᠬᠢ ᠤᠳᠠᠭ᠎ᠠ ᠶᠢᠨ ᠴᠤᠭᠯᠠᠭᠠᠨ ᠢᠶᠠᠨ ᠬᠢᠬᠦ ᠳᠤ ᠨᠢᠬᠡᠨᠳᠡ ᠬᠤᠷᠢᠭᠠᠳ ᠬᠠᠮᠳᠤᠯᠢᠭ ᠤᠷᠤᠯᠴᠠᠬᠤ ᠪᠤᠯᠤᠭᠰᠠᠨ ᠪᠠᠶᠢᠯ᠎ᠠ᠃    — ᠡᠨᠡᠬᠦ ᠠᠷᠪᠠᠨ ᠵᠢᠯ ᠪᠤᠯ ᠦᠪᠦᠷ ᠮᠤᠩᠭᠤᠯ ᠤᠨ ᠳᠠᠭᠤᠤ ᠤᠷᠠᠯᠢᠭ ᠤᠨ ᠬᠤᠪᠢᠷᠠᠯᠳᠠ ᠶᠢᠨ ᠴᠠᠭ ᠦᠶ᠎ᠠ ᠶᠤᠮ᠃ ᠤᠤᠯ ᠨᠢ ᠮᠠᠨ ᠤ ᠮᠤᠩᠭᠤᠯ ᠵᠤᠬᠢᠶᠠᠮᠠᠯ ᠳᠠᠭᠤᠤ ᠨᠢ ᠠᠷᠠᠳ ᠤᠨ ᠲᠠᠭᠤᠤ ᠶᠢᠨ ᠬᠡᠪ ᠨᠠᠮᠪᠠ ᠪᠠᠷ ᠭᠤᠤᠯᠳᠠᠵᠦ ᠪᠠᠶᠢᠭᠰᠠᠨ ᠪᠤᠯ ᠡᠬᠦᠨ ᠠᠴᠠ ᠬᠤᠶᠢᠰᠢᠬᠢ ᠵᠤᠬᠢᠶᠠᠮᠠᠯ ᠳᠠᠭᠤᠤ ᠨᠢ ᠤᠯᠠᠮ ᠢᠶᠠᠷ ᠰᠢᠨᠡᠷᠭᠡᠦ ᠪᠤᠯᠵᠦ᠂ ᠰᠲ᠋ᠢᠯᠢ᠂ ᠰᠡᠳᠦᠪᠯᠡᠬᠦᠨ᠂ ᠢᠯᠡᠳᠭᠡᠬᠦ ᠠᠷᠭ᠎ᠠ ᠬᠡᠯᠪᠡᠷᠢ ᠨᠢ ᠤᠯᠠᠨ ᠳᠦᠷᠦᠯᠵᠢᠵᠦ᠂ ᠦᠳᠳᠡᠷ ᠳᠦᠷᠬᠡᠨ ᠢᠶᠠᠷ ᠬᠦᠮᠦᠰ ᠤᠨ ᠠᠮᠢᠳᠤᠷᠠᠯ ᠳᠤ ᠳᠦᠷᠢᠵᠦ ᠤᠷᠤᠭᠰᠠᠨ᠃ ᠡᠨᠡ ᠬᠦ ᠴᠠᠭ ᠦᠶ᠎ᠠ ᠪᠤᠯ ᠮᠦᠨ ᠴᠤ ᠮᠠᠨ ᠤ ᠤᠷᠤᠨ ᠤ ᠮᠤᠩᠭᠤᠯ ᠷᠤᠺ ᠫᠤᠫ ᠳᠠᠭᠤᠤ ᠪᠠ ᠬᠠᠮᠳᠤᠯᠢᠭ ᠨᠤᠭᠤᠳ ᠤᠷᠠᠯᠢᠭ ᠤᠨ ᠲᠠᠶᠢᠰᠠᠨ᠎ᠠ ᠤᠯᠠᠨ ᠳᠤ ᠮᠡᠳᠡᠷᠡᠭᠳᠡᠭᠰᠡᠨ ᠦᠶ᠎ᠠ ᠭᠡᠳᠡᠭ ᠢ ᠤᠮᠳᠤᠭᠠᠢᠢᠯᠠᠵᠦ ᠪᠤᠯᠤᠰᠢ ᠦᠬᠡᠢ ᠭᠡᠵᠦ ᠪᠠᠶᠠᠨ ᠲᠠᠨᠢᠯᠴᠠᠭᠤᠯᠤᠯ᠎ᠠ᠃
 
    ᠲᠡᠭᠦᠨ ᠲᠠᠢ ᠠᠳᠠᠯᠢᠬᠠᠨ ᠳᠤᠷᠠᠰᠤᠮᠵᠢ ᠲᠠᠢ ᠪᠠᠶᠢᠭ᠎ᠠ ᠨᠢ ᠤᠯᠤᠰ ᠤᠨ ᠨᠢᠬᠡᠳᠦᠬᠡᠷ ᠳᠡᠰ ᠤᠨ ᠬᠦᠭᠵᠢᠮ ᠤᠨ ᠵᠤᠬᠢᠶᠠᠯᠴᠢ᠂ ᠦᠪᠦᠷ ᠮᠤᠩᠭᠤᠯ ᠤᠨ ᠷᠠᠳᠢᠣ᠋ ᠲᠧᠯᠸᠢᠰ ᠬᠤᠷᠢᠶ᠎ᠠ ᠶᠢᠨ ᠮᠤᠩᠭᠤᠯ ᠷᠠᠳᠢᠣ᠋ ᠶᠢᠨ ︽ᠤᠶᠠᠩᠭ᠎ᠠ ᠶᠢᠨ ᠺᠯᠦ᠋ᠪ︾ ᠰᠢᠭᠤᠳ ᠨᠡᠪᠳᠡᠷᠡᠬᠦᠯᠬᠡ ᠶᠢᠨ ᠬᠢᠨᠠᠨ ᠦᠢᠯᠡᠳᠦᠭᠴᠢ᠂ ᠳᠠᠭᠤᠤ ᠬᠦᠭᠵᠢᠮ ᠤᠨ ᠨᠠᠶᠢᠷᠠᠭᠤᠯᠤᠭᠴᠢ ᠦᠬᠡᠷᠴᠢᠨᠬᠦᠦ ᠪᠠᠶᠢᠪᠠ᠃    — 2000 ᠤᠨ ᠠᠴᠠ ᠰᠡᠬᠦᠯᠡᠷᠬᠢ ᠮᠤᠩᠭᠤᠯ ᠵᠤᠬᠢᠶᠠᠮᠠᠯ ᠳᠠᠭᠤᠤ ᠳᠤ ᠦᠰᠦᠳ ᠤᠨᠳᠤᠤ ᠬᠤᠪᠢᠷᠠᠯᠳᠠ ᠭᠠᠷᠤᠭᠰᠠᠨ᠂ ᠡᠬᠦᠨ ᠳᠤ ᠬᠠᠮᠳᠤᠯᠢᠭ ᠤᠨ ᠨᠦᠯᠦᠬᠡ ᠮᠠᠰᠢ ᠶᠡᠭᠡ᠃ ᠠᠩᠬ᠎ᠠ ᠡᠬᠢᠯᠡᠭᠡᠳ ᠤᠯᠠᠩᠬᠢ ᠬᠠᠮᠳᠤᠯᠢᠭ ᠨᠢ ᠭᠠᠳᠠᠭᠠᠳᠤ ᠶᠢ ᠳᠠᠭᠤᠷᠢᠶᠠᠵᠦ ᠷᠤᠺ ᠳᠠᠭᠤᠤ ᠳᠠᠭᠤᠯᠠᠵᠦ ᠪᠠᠶᠢᠭᠰᠠᠨ᠂ ᠡᠨᠡ ᠨᠢ ᠬᠦᠯᠢᠶᠡᠨ ᠠᠪᠤᠭᠴᠢᠳ ᠲᠠᠭᠠᠨ ᠮᠠᠰᠢ ᠰᠢᠨ᠎ᠠ ᠳᠦᠷᠦᠭᠳᠡᠯ ᠦᠭᠬᠦᠭᠰᠡᠨ᠂ ᠢᠯᠠᠩᠭᠤᠶ᠎ᠠ ᠰᠤᠷᠭᠠᠭᠤᠯᠢ ᠶᠢᠨ ᠬᠦᠷᠢᠶ᠎ᠠ ᠪᠠ ᠦᠨᠳᠦᠰᠦᠨ ᠱᠠᠳᠤᠨ ᠳᠤ ᠮᠠᠰᠢ ᠬᠦᠷᠢᠶᠡᠯᠡᠭᠳᠡᠵᠦ ᠪᠠᠶᠢᠭᠰᠠᠨ᠃ ᠰᠢᠨ᠎ᠠ ᠵᠠᠭᠤᠨ ᠳᠤ ᠤᠷᠤᠭᠰᠠᠨ᠎ᠠ᠂ ᠮᠠᠨ ᠤ ᠤᠷᠤᠨ ᠤ ᠠᠵᠦ ᠠᠬᠤᠢ ᠪᠠ ᠠᠷᠠᠳ ᠤᠨ ᠠᠮᠢᠳᠤᠷᠠᠯ ᠰᠠᠶᠢᠵᠢᠷᠠᠵᠦ᠂ ᠬᠦᠬᠡᠬᠤᠳᠠ ᠪᠠᠷ ᠵᠢᠱᠢᠶᠡᠯᠡᠬᠦ ᠳᠤ ᠮᠠᠰᠢ ᠤᠯᠠᠨ ᠵᠤᠭ᠎ᠠ ᠴᠡᠩᠭᠡᠬᠦᠨ ᠤ ᠭᠠᠵᠠᠷ ᠪᠠ ᠪᠠᠭᠠᠷ ᠭᠠᠷᠴᠤ ᠢᠷᠡᠭᠰᠡᠨ ᠪᠦᠭᠡᠳ ᠮᠤᠩᠭᠤᠯ ᠪᠠᠭᠠᠷ ᠨᠤᠭᠤᠳ ᠲᠤ ᠮᠤᠩᠭᠤᠯ ᠬᠠᠮᠳᠤᠯᠢᠭ ᠤᠳ ᠳᠠᠭᠤᠯᠠᠵᠦ ᠪᠠᠶᠢᠭᠰᠠᠨ ᠨᠢ ᠳᠤᠬᠠᠢ ᠶᠢᠨ ᠦᠶᠡᠰ ᠤᠨ ᠨᠢᠬᠡ ᠤᠨᠴᠠᠯᠢᠭ ᠶᠤᠮ ᠭᠡᠵᠦ ᠦᠬᠡᠷᠴᠢᠨᠬᠦᠦ ᠡᠷᠬᠢᠴᠡᠬᠦᠯᠦᠨ᠎ᠠ᠃    ᠷᠤᠺ ᠳᠠᠭᠤᠤ ᠬᠦᠭᠵᠢᠮ ᠤᠨ ᠳᠡᠤᠭᠡ ᠶᠢ ᠡᠷᠬᠢᠴᠡᠬᠦᠯᠪᠠᠯ ᠲᠡᠷᠡ ᠨᠢ ᠲᠡᠭᠡᠷ᠎ᠡ ᠵᠠᠭᠤᠨ ᠤ ᠳᠠᠪᠢᠭᠠᠳ ᠤᠨ ᠤ ᠠᠮᠧᠷᠢᠺᠠ ᠠᠴᠠ ᠡᠬᠦᠰᠦᠯᠳᠡᠢ ᠪᠤᠯ ᠲᠡᠷᠡ ᠬᠦ ᠴᠠᠭ ᠦᠶ᠎ᠠ ᠨᠢ ᠶᠠᠭ ᠠᠮᠧᠷᠢᠺᠠ ᠶᠢᠨ ᠠᠵᠦ ᠠᠬᠤᠢ ᠳᠤᠭᠳᠠᠪᠤᠷᠢᠳᠡᠢ ᠪᠤᠯᠵᠦ ᠠᠷᠠᠳ ᠤᠨ ᠠᠮᠢᠳᠤᠷᠠᠯ ᠰᠠᠶᠢᠵᠢᠷᠠᠨ᠂ ᠵᠠᠯᠠᠭᠤᠴᠤᠳ ᠪᠡᠶ᠎ᠠ ᠪᠠᠨ ᠳᠠᠭᠠᠭᠠᠭᠰᠠᠨ ᠦᠵᠡᠯᠳᠡ ᠪᠠᠨ ᠪᠠᠷᠢᠮᠳᠠᠯᠠᠵᠦ᠂ ᠡᠷᠭᠡ ᠴᠢᠯᠦᠬᠡ ᠪᠠ ᠰᠢᠨᠡᠴᠢᠯᠡᠯᠳᠡ ᠶᠢ ᠬᠦᠬᠡᠬᠡᠴᠡᠯᠳᠦᠵᠦ ᠪᠠᠶᠢᠭᠰᠠᠨ ᠴᠠᠭ ᠦᠶ᠎ᠠ ᠶᠤᠮ᠃ ᠮᠠᠨ ᠤ ᠤᠯᠤᠰ ᠤᠨ ᠦᠬᠡᠷᠡᠴᠢᠯᠡᠯᠳᠡ ᠨᠡᠭᠡᠭᠡᠯᠳᠡ ᠬᠢᠭᠰᠡᠨ 20 ᠵᠢᠯ ᠤᠨ ᠴᠠᠭ ᠬᠤᠭᠤᠴᠠᠭ᠎ᠠ ᠶᠢ ᠦᠩᠭᠡᠷᠡᠭᠡᠵᠦ᠂ 1998 ᠤᠨ ᠪᠤᠯᠬᠤ ᠳᠤ ᠮᠠᠨ ᠤ ᠤᠷᠤᠨ ᠤ ᠠᠵᠦ ᠠᠬᠤᠢ ᠦᠳᠳᠡᠷ ᠲᠦᠷᠭᠡᠨ ᠬᠦᠭᠵᠢᠭᠰᠡᠨ ᠱᠠᠳᠤ ᠦᠶ᠎ᠠ ᠳᠡᠭᠡᠨ ᠤᠷᠤᠵᠦ᠂ ᠳᠤᠬᠠᠢ ᠶᠢᠨ ᠵᠢᠯ ᠤᠨ ᠦᠪᠦᠷ ᠮᠤᠩᠭᠤᠯ ᠤᠨ ᠬᠦᠮᠦᠨ ᠳᠤᠮᠳᠠᠴᠢ ᠶᠢᠨ GDP 5406 ᠳᠦᠬᠦᠷᠢᠭ ᠪᠠᠶᠢᠭᠰᠠᠨ ᠠᠴᠠ 2008 ᠤᠨ ᠪᠤᠯᠬᠤ ᠳᠤ ᠨᠢᠬᠡᠨᠳᠡ 34869 ᠳᠦᠬᠦᠷᠢᠭ ᠪᠤᠯᠤᠨ ᠨᠡᠮᠡᠭᠳᠡᠵᠡᠢ᠃ ᠠᠵᠦ ᠠᠬᠤᠢ ᠶᠢᠨ ᠰᠠᠶᠢᠵᠢᠷᠠᠯᠳᠠ ᠶᠢ ᠳᠠᠭᠠᠯᠳᠤᠨ ᠬᠦᠮᠦᠰ ᠤᠨ ᠤᠳᠬ᠎ᠠ ᠤᠷᠠᠯᠢᠭ ᠢ ᠰᠤᠨᠢᠷᠬᠠᠬᠤ ᠱᠠᠭᠠᠷᠳᠠᠯᠭ᠎ᠠ ᠳᠠᠰᠤᠷᠠᠯᠳᠠ ᠦᠬᠡᠢ ᠨᠡᠮᠡᠭᠳᠡᠵᠦ᠂ ᠮᠤᠩᠭᠤᠯ ᠵᠤᠬᠢᠶᠠᠮᠠᠯ ᠲᠠᠭᠤᠤ ᠶᠢᠨ ᠵᠤᠬᠢᠶᠠᠨ ᠪᠦᠳᠦᠭᠡᠯᠭᠡ ᠳᠤ ᠰᠢᠮᠡᠳᠦ ᠬᠦᠷᠦᠰᠦ ᠬᠠᠩᠭᠠᠵᠠᠢ᠃    ᠡᠨᠡᠬᠦ ᠠᠷᠪᠠᠨ ᠵᠢᠯ ᠳᠤ ᠮᠠᠨ ᠤ ᠤᠷᠤᠨ ᠳᠤ ︽ᠬᠦᠬᠡ ᠬᠡᠬᠡᠷ᠎ᠠ︾᠂ ︽ᠬᠠᠩᠭᠠᠢ ᠬᠠᠮᠳᠤᠯᠢᠭ︾᠂ ︽ᠴᠠᠭᠠᠨ ᠱᠤᠩᠬᠤᠷ︾᠂ ︽ᠡᠷᠬᠦᠨ᠎ᠠ ᠬᠠᠮᠳᠤᠯᠢᠭ︾᠂ ︽HAYA ᠬᠠᠮᠳᠤᠯᠢᠭ︾ ︽ᠬᠦᠷᠳᠦ ᠬᠠᠮᠳᠤᠯᠢᠭ︾᠂ ︽ᠵᠤᠤᠵᠠᠢ ᠬᠠᠮᠳᠤᠯᠢᠭ︾ ᠵᠡᠷᠭᠡ ᠤᠯᠠᠨ ᠠᠷᠪᠢᠨ ᠷᠤᠺ ᠫᠤᠫ ᠳᠠᠭᠤᠤ ᠶᠢᠨ ᠬᠠᠮᠳᠤᠯᠢᠭ ᠪᠠᠶᠢᠭᠤᠯᠤᠭᠳᠠᠵᠦ᠂ ᠳᠡᠳᠡ ︽ᠦᠪᠦᠷ ᠮᠤᠩᠭᠤᠯ ᠮᠢᠨᠦ︾᠂ ︽ᠨᠤᠭᠤᠭᠠᠨ︾᠂ ︽ᠵᠠᠯᠠᠭᠤᠴᠤᠳ︾᠂ ︽ᠰᠠᠶᠢᠬᠠᠨ ᠪᠦᠰᠡᠬᠦᠢ︾᠂ ︽ᠬᠦᠬᠡᠬᠤᠳᠠ ᠶᠢᠨ ᠦᠳᠡᠰᠢ︾ ᠵᠡᠷᠭᠡ ᠤᠯᠠᠨ ᠠᠷᠪᠢᠨ ᠵᠤᠬᠢᠶᠠᠮᠠᠯ ᠳᠠᠭᠤᠤ ᠶᠢ ᠵᠤᠬᠢᠶᠠᠨ ᠪᠦᠳᠦᠬᠡᠵᠦ᠂ ᠳᠠᠭᠤᠴᠢᠳ ᠤᠨ ᠬᠤᠪᠢ ᠳᠤ ᠬᠦᠰᠡᠯᠡᠩ᠂ ᠤᠷᠢᠶ᠎ᠠ᠂ ᠪᠠᠶᠠᠰᠬᠤᠯᠠᠩ᠂ ᠤᠷᠤᠭᠰᠢᠯᠠᠯᠳᠦ᠂ ᠠᠯᠳᠠᠨᠪᠦ᠋ᠷᠬᠦᠳ᠂ ᠲᠠᠶᠢᠴᠢᠨᠳᠠᠨ᠎ᠠ ᠵᠡᠷᠭᠡ ᠵᠠᠯᠠᠭᠤᠴᠤᠳ ᠴᠤ ᠦᠪᠡᠷ ᠦᠪᠡᠷ ᠤᠨ ᠭᠡᠪ ᠨᠠᠮᠪᠠ ᠪᠠᠷ ᠢᠶᠠᠨ ᠤᠯᠠᠨ ᠳᠤ ᠲᠠᠨᠢᠭᠳᠠᠵᠦ᠂ ᠤᠳᠤ ᠪᠤᠯᠳᠠᠯ᠎ᠠ ᠤᠷᠠᠯᠢᠭ ᠤᠨ ᠲᠠᠶᠢᠰᠠᠨ᠎ᠠ ᠬᠢᠯᠠᠷᠠᠭᠤᠯᠵᠦ ᠶᠠᠪᠤᠨ᠎ᠠ᠃
 
    2001 ᠤᠨ ᠪᠤᠯᠬᠤ ᠳᠤ ᠮᠠᠨ ᠤ ᠤᠷᠤᠨ ᠳᠤ ᠪᠠᠰᠠ ᠨᠢᠬᠡ ᠪᠦᠯᠦᠭ ᠪᠢᠴᠢᠯ ᠬᠠᠮᠳᠤᠯᠢᠭ ᠴᠤᠯᠭᠤᠷᠠᠨ ᠭᠠᠷᠴᠤ᠂ ᠬᠦᠭᠵᠢᠮ ᠤᠨ ᠳᠤᠭᠯᠠᠯᠳᠠ ᠦᠬᠡᠢ᠂ ᠵᠦᠪᠬᠡᠨ ᠳᠠᠭᠤᠯᠠᠵᠦ ᠪᠠᠶᠢᠳᠠᠭ ᠠᠴᠠ ᠪᠠᠰᠠ ︽ᠬᠤᠭᠤᠯᠠᠢ ᠶᠢᠨ ᠬᠠᠮᠳᠤᠯᠢᠭ︾ ᠬᠡᠮᠡᠭᠳᠡᠭᠰᠡᠨ ᠶᠤᠮ᠃ ᠡᠬᠦᠨ ᠤ ᠵᠢᠱᠢᠶ᠎ᠠ ᠭᠡᠪᠡᠯ ︽ᠵᠠᠯᠮ᠎ᠠ ᠬᠠᠷ᠎ᠠ︾᠂ ︽ᠰᠤᠨᠳᠤᠷ ᠬᠠᠮᠳᠤᠯᠢᠭ︾᠂ ︽ᠦᠨᠦᠷᠳᠦ ᠤᠰᠤ ᠬᠠᠮᠳᠤᠯᠢᠭ︾ ᠵᠡᠷᠭᠡ ᠪᠤᠢ᠃ 2003 ᠤᠨ ᠠᠴᠠ ᠡᠬᠢᠯᠡᠨ ᠬᠦᠬᠡᠮᠡᠢ ᠤᠷᠠᠯᠢᠭ ᠦᠪᠦᠷ ᠮᠤᠩᠭᠤᠯ ᠳᠤ ᠮᠠᠰᠢ ᠳᠦᠷᠭᠡᠨ ᠳᠡᠯᠭᠡᠷᠡᠵᠦ ᠡᠬᠢᠯᠡᠭᠰᠡᠨ᠂ ᠡᠨᠡ ᠨᠢ ᠷᠤᠺ ᠫᠤᠫ ᠳᠠᠭᠤᠤ ᠶᠢᠨ ᠵᠤᠬᠢᠶᠠᠨ ᠪᠦᠳᠦᠭᠡᠯᠭᠡ ᠳᠤ ᠰᠢᠨ᠎ᠠ ᠡᠯᠧᠮᠧᠨ᠋ᠲ ᠨᠡᠮᠡᠷᠢᠯᠡᠭᠰᠡᠨ ᠨᠢ ᠶᠠᠷᠢᠶᠠᠨ ᠦᠬᠡᠢ᠃ ︽ᠳᠤᠬᠠᠢ ᠶᠢᠨ ᠵᠢᠯ ᠠᠴᠠ ᠡᠬᠢᠯᠡᠨ ᠮᠠᠨ ᠤ ᠤᠷᠤᠨ ᠤ ᠮᠠᠰᠢ ᠤᠯᠠᠨ ᠮᠤᠩᠭᠤᠯ ᠵᠠᠯᠠᠭᠤᠴᠤᠳ ᠬᠦᠬᠡᠮᠡᠢ ᠰᠤᠷᠴᠤ ᠡᠬᠢᠯᠡᠭᠰᠡᠨ᠂ ᠵᠢᠱᠢᠶᠡᠯᠡᠪᠡᠯ᠂ 2003 ᠤᠨ ᠳᠤ ᠪᠠᠶᠢᠭᠤᠯᠤᠭᠳᠠᠭᠰᠠᠨ ︿ᠠᠨᠳᠠ ᠬᠠᠮᠳᠤᠯᠢᠭ﹀᠎ ᠤᠨ ᠵᠠᠯᠠᠭᠤᠴᠤᠳ ᠪᠠᠷᠤᠭ ᠪᠦᠬᠦᠨ ᠢᠶᠠᠷ ᠢᠶᠠᠨ ᠰᠤᠷᠤᠭᠰᠠᠨ᠂ ᠪᠢ ᠴᠤ ᠮᠦᠨ ᠲᠡᠷᠡ ᠵᠢᠯ ᠠᠴᠠ ᠡᠬᠢᠯᠡᠨ ᠬᠦᠬᠡᠮᠡᠢ ᠤᠷᠠᠯᠢᠭ ᠰᠤᠷᠴᠤ᠂ ᠰᠡᠬᠦᠯᠡᠷ ᠨᠢ ᠳᠠᠭᠤᠤ ᠬᠦᠭᠵᠢᠮ ᠤᠨ ᠵᠤᠬᠢᠶᠠᠨ ᠪᠦᠳᠦᠬᠡᠯᠬᠡ ᠳᠡᠭᠡᠨ ᠠᠭᠤᠰᠬᠠᠨ ᠤᠷᠤᠭᠤᠯᠤᠭᠰᠠᠨ ᠶᠤᠮ︾ ᠭᠡᠵᠦ ᠪᠠᠶᠠᠨ ᠬᠡᠯᠡᠨ᠎ᠠ᠃ ᠲᠡᠭᠦᠨ ᠤ ᠵᠤᠬᠢᠶᠠᠭᠰᠠᠨ ︽ᠴᠢᠨ᠋ᠸ᠎ᠠ︾ ᠬᠡᠬᠦ ᠤᠷᠠᠨ ᠪᠦᠳᠦᠬᠡᠯ ᠢ ︽HAYA ᠬᠠᠮᠳᠤᠯᠢᠭ︾᠎ ᠤᠨ ᠬᠢᠨᠢ ᠳᠠᠭᠤᠯᠠᠵᠦ᠂ 2008 ᠤᠨ ᠳᠤ ᠪᠤᠯᠤᠭᠰᠠᠨ ︽19 ᠳ᠋ᠤᠭᠡᠷ ᠬᠤᠭᠤᠴᠠᠭᠠᠨ ᠤ ᠲᠠᠶᠢᠸᠠᠨ ᠤ ᠤᠯᠠᠮᠵᠢᠯᠠᠯᠳᠦ ᠤᠷᠠᠯᠢᠭ ᠤᠨ ᠰᠤᠳᠤᠨ ᠳᠠᠭᠤᠤ ᠶᠢᠨ ᠱᠠᠩᠨᠠᠯ︾᠎ ᠢ ᠳᠤᠰᠤᠭᠰᠠᠨ ᠪᠠᠶᠢᠨ᠎ᠠ᠃    ᠫᠤᠫ ᠳᠠᠭᠤᠤ ᠭᠡᠳᠡᠭ ᠪᠤᠯ ᠳᠠᠷᠤᠢ ᠮᠠᠨ ᠤ ᠶᠠᠷᠦᠳᠡ ᠶᠢᠨ ᠶᠠᠷᠢᠳᠠᠭ ᠤᠷᠤᠰᠬᠠᠯ ᠳᠠᠭᠤᠤ ᠶᠤᠮ᠂ ᠲᠡᠷᠡ ᠨᠢ ᠤᠤᠭᠠᠯ ᠵᠤᠬᠢᠶᠠᠨ ᠪᠦᠳᠦᠬᠡᠯᠬᠡ ᠶᠢᠨ ᠰᠢᠨᠵᠢ ᠲᠠᠢ ᠪᠦᠭᠡᠳ ᠮᠠᠰᠢ ᠴᠢᠩᠭ᠎ᠠ ᠳᠡᠯᠭᠡᠷᠡᠮᠡᠯ ᠴᠢᠨᠠᠷ ᠲᠠᠢ ᠪᠠᠶᠢᠵᠦ᠂ ᠠᠷᠠᠳ ᠳᠦᠮᠡᠨ ᠤ ᠳᠤᠮᠳᠠ ᠦᠷᠭᠡᠨ ᠢᠶᠠᠷ ᠤᠯᠠᠮᠵᠢᠯᠠᠭᠳᠠᠨ ᠳᠠᠷᠬᠠᠳᠠᠭ᠃ ᠵᠠᠬ᠎ᠠ ᠳᠡᠯᠭᠡᠬᠦᠷ ᠤᠨ ᠠᠵᠦ ᠠᠬᠤᠢ ᠶᠢᠨ ᠬᠦᠭᠵᠢᠯᠳᠡ ᠪᠠ ᠳᠠᠮᠵᠢᠭᠤᠯᠭ᠎ᠠ ᠶᠢᠨ ᠠᠷᠭ᠎ᠠ ᠬᠡᠯᠪᠡᠷᠢ ᠶᠢᠨ ᠬᠤᠪᠢᠷᠠᠯᠳᠠ ᠶᠢ ᠳᠠᠭᠠᠯᠳᠤᠨ ᠡᠨᠡ ᠬᠦ ᠠᠷᠪᠠᠨ ᠵᠢᠯ ᠳᠠᠬᠢ ᠮᠤᠩᠭᠤᠯ ᠤᠷᠤᠰᠬᠠᠯ ᠲᠠᠭᠤᠤ ᠶᠢᠨ ᠵᠤᠬᠢᠶᠠᠨ ᠪᠦᠳᠦᠬᠡᠯᠬᠡ ᠴᠤ ᠤᠷᠢᠳᠦ ᠡᠮᠦᠨ᠎ᠠ ᠭᠠᠷᠤᠭ᠎ᠠ ᠦᠬᠡᠢ ᠬᠦᠭᠵᠢᠨ ᠴᠡᠴᠡᠭᠯᠡᠯᠳᠡ ᠪᠠᠨ ᠤᠭᠳᠤᠭᠰᠠᠨ ᠶᠤᠮ᠃    — 2002 ᠤᠨ ᠤ ᠦᠶᠡᠰ ᠢᠶᠠᠷ ᠢᠨᠲ᠋ᠧᠷ ᠰᠦᠯᠵᠢᠶ᠎ᠠ ᠮᠠᠨ ᠤ ᠠᠮᠢᠳᠤᠷᠠᠯ ᠳᠤ ᠤᠷᠤᠵᠦ ᠢᠷᠡᠯ ᠎ᠠ᠂ ᠤᠳᠠᠯ ᠦᠬᠡᠢ ᠰᠦᠯᠵᠢᠶᠡᠨ ᠳᠡᠭᠡᠷ᠎ᠠ ᠠᠴᠠ ᠳᠠᠭᠤᠤ ᠪᠠᠭᠤᠯᠭᠠᠵᠦ mp3᠎ ᠢᠶᠠᠷ ᠰᠤᠨᠤᠰᠳᠠᠭ ᠪᠤᠯᠤᠭᠰᠠᠨ ᠪᠦᠭᠡᠳ ᠲᠧᠯᠸᠢᠰ ᠷᠠᠳᠢᠣ᠋ ᠳᠡᠭᠡᠷ᠎ᠠ ᠨᠠᠶᠢᠵᠠ ᠨᠦᠬᠦᠳ ᠲᠡᠭᠡᠨ ᠳᠠᠭᠤᠤ ᠵᠠᠬᠢᠶᠠᠯᠠᠬᠤ ᠬᠠᠯᠠᠭᠤᠷᠠᠯ ᠭᠠᠷᠴᠠᠢ᠃ ᠰᠠᠶᠢᠬᠠᠨ ᠵᠤᠬᠢᠶᠠᠮᠠᠯ ᠳᠠᠭᠤᠤ ᠭᠠᠷᠴᠤ ᠢᠷᠡᠪᠡᠯ ᠭᠠᠵᠠᠷ ᠰᠠᠢ ᠦᠬᠡᠢ ᠭᠠᠷ ᠤᠳᠠᠰᠤᠨ ᠬᠤᠩᠬᠤ ᠪᠤᠯᠭᠠᠴᠢᠬᠠᠳᠠᠭ ᠶᠤᠮ ᠭᠡᠵᠦ ᠦᠬᠡᠷᠴᠢᠨᠬᠦᠦ ᠡᠷᠬᠢᠴᠡᠬᠦᠯᠦᠨ᠎ᠠ᠃    ᠡᠳᠡᠭᠡᠷ ᠤᠯᠠᠨ ᠦᠵᠡᠭᠳᠡᠯ ᠨᠢ ᠨᠡᠶᠢᠬᠡᠮ ᠤᠨ ᠬᠦᠭᠵᠢᠯᠳᠡ ᠶᠢᠨ ᠳᠦᠷᠦᠳᠡᠰᠦ ᠮᠦᠷᠳᠡᠭᠡᠨ ᠮᠤᠩᠭᠤᠯ ᠵᠤᠬᠢᠶᠠᠮᠠᠯ ᠳᠠᠭᠤᠤ ᠳᠤ ᠵᠠᠬ᠎ᠠ ᠳᠡᠯᠭᠡᠬᠦᠷ ᠤᠨ ᠤᠷᠴᠢᠨ ᠠᠬᠤᠢ ᠬᠠᠩᠭᠠᠵᠦ᠂ ᠬᠦᠭᠵᠢᠯᠳᠡ ᠳᠤᠨᠢ ᠢᠳᠡᠪᠬᠢ ᠨᠦᠯᠦᠬᠡ ᠦᠵᠡᠬᠦᠯᠵᠡᠢ᠃ ᠡᠨᠡ ᠳᠤᠬᠠᠢ ᠦᠪᠦᠷ ᠮᠤᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠳᠠᠭᠤᠤ ᠬᠦᠭᠵᠢᠮ ᠤᠨ ᠳᠡᠭᠡᠳᠦ ᠰᠤᠷᠭᠠᠭᠤᠯᠢ ᠶᠢᠨ ᠵᠠᠬᠢᠷᠤᠯ ᠶᠠᠩ ᠢᠤᠢ ᠴᠧᠩ ᠫᠷᠤᠹᠧᠰᠰᠤᠷ ᠰᠤᠷᠪᠤᠯᠵᠢᠯᠠᠭᠴᠢ ᠳᠤ᠄ ︽ᠦᠬᠡᠷᠡᠴᠢᠯᠡᠯᠳᠡ ᠨᠡᠭᠡᠭᠡᠯᠳᠡ ᠬᠢᠭᠰᠡᠨ ᠤ ᠰᠡᠬᠦᠯᠡᠷ᠂ ᠮᠠᠨ ᠤ ᠤᠷᠤᠨ ᠤ ᠳᠠᠭᠤᠤ ᠤᠷᠠᠯᠢᠭ ᠨᠢ ᠨᠢᠬᠡᠨᠳᠡ ᠨᠡᠯᠢᠶᠡᠳ ᠳᠤᠭᠳᠠᠩᠭᠤᠢ ᠵᠠᠬ᠎ᠠ ᠳᠡᠯᠭᠡᠬᠦᠷ ᠲᠠᠢ ᠪᠤᠯᠵᠦ ᠪᠦᠷᠢᠯᠳᠦᠭᠰᠡᠨ ᠶᠤᠮ᠃ ᠡᠬᠦᠨ ᠢ ᠪᠢᠳᠡ ᠭᠤᠷᠪᠡᠨ ᠶᠡᠭᠡ ᠤᠷᠤᠰᠬᠠᠯ ᠪᠦᠯᠦᠭ ᠲᠤ ᠬᠤᠪᠢᠶᠠᠪᠠᠯ᠂ ᠳᠤᠰᠬᠠᠢ ᠮᠡᠷᠭᠡᠵᠢᠯ ᠤᠨ ᠳᠠᠭᠤᠤ ᠬᠦᠭᠵᠢᠮ᠂ ᠤᠷᠤᠰᠬᠠᠯ ᠳᠠᠭᠤᠤ ᠬᠦᠭᠵᠢᠮ ᠪᠠ ᠠᠷᠠᠳ ᠤᠨ ᠳᠠᠭᠤᠤ ᠬᠦᠭᠵᠢᠮ ᠬᠡᠵᠦ ᠬᠤᠪᠢᠶᠠᠵᠦ ᠪᠤᠯᠤᠨ᠎ᠠ᠃ ᠮᠤᠩᠭᠤᠯ ᠵᠤᠬᠢᠶᠠᠮᠠᠯ ᠳᠠᠭᠤᠤ ᠨᠢ ᠤᠷᠤᠰᠬᠠᠯ ᠳᠠᠭᠤᠤ ᠬᠦᠭᠵᠢᠮ ᠤᠨ ᠬᠦᠷᠢᠶᠡᠨ ᠳᠤ ᠪᠠᠭᠳᠠᠵᠦ ᠪᠠᠶᠢᠳᠠᠭ᠂ ᠳᠤᠰᠬᠠᠢ ᠮᠡᠷᠭᠡᠵᠢᠯ ᠤᠨ ᠳᠠᠭᠤᠤ ᠬᠦᠭᠵᠢᠮ ᠨᠢ ᠨᠢᠬᠡ ᠦᠨᠳᠦᠰᠦᠳᠡᠨ ᠤ ᠤᠳᠤ ᠦᠶ᠎ᠠ ᠶᠢᠨ ᠳᠠᠭᠤᠤ ᠬᠦᠭᠵᠢᠮ ᠤᠨ ᠬᠦᠭᠵᠢᠯᠳᠡ ᠶᠢᠨ ᠪᠡᠯᠬᠡ ᠳᠡᠮᠳᠡᠭ ᠪᠠᠶᠢᠵᠦ᠂ ᠤᠯᠠᠮᠵᠢᠯᠠᠯᠳᠦ ᠳᠠᠭᠤᠤ ᠬᠦᠭᠵᠢᠮ ᠨᠢ ᠡᠪᠦᠭᠡ ᠳᠡᠭᠡᠳᠦᠰ ᠠᠴᠠ ᠪᠢᠳᠡᠨ ᠳᠤ ᠦᠯᠡᠳᠡᠭᠡᠨ ᠦᠭᠬᠦᠭᠰᠡᠨ ᠨᠠᠨᠳᠢᠨ ᠦᠪ ᠬᠦᠷᠦᠩᠬᠡ ᠪᠦᠭᠡᠳ ᠨᠢᠬᠡ ᠦᠨᠳᠦᠰᠦᠳᠡᠨ ᠤ ᠰᠤᠶᠤᠯ ᠤᠷᠠᠯᠢᠭ ᠤᠨ ᠬᠠᠮᠤᠭ ᠤᠨ ᠭᠡᠷᠡᠯ ᠰᠠᠴᠤᠷᠠᠩᠭᠤᠢ ᠪᠦᠷᠢᠯᠳᠦᠬᠦᠨ ᠭᠡᠰᠡᠭ ᠶᠤᠮ᠃ ᠬᠠᠷᠢᠨ ᠤᠷᠤᠰᠬᠠᠯ ᠳᠠᠭᠤᠤ ᠬᠦᠭᠵᠢᠮ ᠪᠤᠯ ᠤᠳᠤᠬᠠᠨ ᠤ ᠵᠠᠬ᠎ᠠ ᠳᠡᠯᠭᠡᠬᠦᠷ ᠤᠨ ᠰᠢᠰᠲ᠋ᠧᠮ ᠪᠠ ᠨᠡᠶᠢᠬᠡᠮ ᠤᠨ ᠡᠬᠢ ᠪᠠᠶᠠᠯᠢᠭ ᠢ ᠡᠵᠡᠯᠡᠬᠦ ᠲᠠᠯ᠎ᠠ ᠳᠤ ᠬᠠᠷᠢᠴᠠᠯᠠᠰᠢᠬᠦᠢ ᠳᠠᠪᠠᠭᠤᠯᠢᠭ ᠲᠠᠢ ᠪᠠᠶᠢᠵᠦ᠂ ᠳᠠᠭᠤᠤ ᠬᠦᠭᠵᠢᠮ ᠤᠨ ᠬᠤᠪᠢ ᠳᠤ ᠬᠦᠴᠦᠷᠭᠡᠭ ᠪᠠᠶᠢᠷᠢ ᠰᠠᠭᠤᠷᠢ ᠲᠠᠢ ᠶᠤᠮ︾ ᠭᠡᠵᠦ ᠬᠡᠯᠡᠯ᠎ᠠ᠃    ᠲᠡᠭᠦᠨ ᠤ ᠦᠵᠡᠬᠦ ᠪᠠᠷ᠂ ᠡᠨᠡ ᠠᠷᠪᠠᠨ ᠵᠢᠯ ᠤᠨ ᠬᠤᠭᠤᠴᠠᠭᠠᠨ ᠳᠠᠬᠢ ᠮᠠᠨ ᠤ ᠤᠷᠤᠨ ᠤ ᠵᠤᠬᠢᠶᠠᠮᠠᠯ ᠳᠠᠭᠤᠤ ᠨᠢ ᠠᠷᠠᠳ ᠤᠨ ᠳᠠᠭᠤᠤ ᠪᠠᠷ ᠦᠪᠡᠷ ᠢ ᠪᠠᠨ ᠴᠢᠮᠡᠭᠯᠡᠭᠰᠡᠨ ᠤᠨᠴᠠᠯᠢᠭ ᠲᠠᠢ ᠪᠠᠶᠢᠵᠦ᠂ ᠮᠤᠩᠭᠤᠯ ᠤᠯᠤᠰ ᠤᠨ ᠳᠠᠭᠤᠤ ᠤᠷᠠᠯᠢᠭ ᠤᠨ ᠨᠦᠯᠦᠬᠡ ᠶᠢ ᠴᠤ ᠬᠦᠨ ᠬᠦᠷᠳᠡᠭᠰᠡᠨ ᠪᠠᠶᠢᠯ᠎ᠠ᠃ ᠠᠵᠦ ᠠᠬᠤᠢ ᠨᠡᠶᠢᠬᠡᠮ ᠤᠨ ᠬᠦᠭᠵᠢᠯᠳᠡ ᠪᠠ ᠵᠤᠬᠢᠶᠠᠨ ᠪᠦᠳᠦᠬᠡᠯᠭᠡ ᠶᠢᠨ ᠰᠠᠶᠢᠬᠠᠨ ᠴᠠᠬ ᠦᠶ᠎ᠠ ᠳᠤ ᠤᠷᠤᠵᠦ᠂ ᠳᠡᠮᠵᠢᠭᠤᠯᠤᠨ ᠳᠡᠯᠬᠡᠷᠡᠬᠦᠯᠬᠦ ᠵᠠᠮ ᠰᠤᠪᠠᠭ ᠴᠤ ᠰᠢᠨᠡᠴᠢᠯᠡᠭᠳᠡᠭᠰᠡᠨ ᠠᠴᠠ ᠡᠨᠡ ᠦᠶᠡᠰ ᠤᠨ ᠵᠤᠬᠢᠶᠠᠮᠠᠯ ᠳᠠᠭᠤᠤ ᠨᠤᠭᠤᠳ ᠠᠴᠠ ᠮᠠᠰᠢ ᠤᠯᠠᠨ ᠰᠤᠩᠭᠤᠳᠠᠭ ᠪᠦᠳᠦᠬᠡᠯ ᠴᠤᠯᠭᠤᠷᠠᠭᠰᠠᠨ ᠪᠢᠯᠠ᠃ 2003 ᠤᠨ ᠳᠤ ᠵᠤᠬᠢᠶᠠᠭᠳᠠᠭᠰᠠᠨ ᠠᠭᠤᠯᠠᠳᠠᠢ ᠶᠢᠨ ᠲᠠᠭᠤᠤ ᠶᠢᠨ ᠰᠢᠯᠦᠭ᠂ ᠷᠢᠸᠠᠳᠢ ᠶᠢᠨ ᠠᠶ᠎ᠠ ᠲᠠᠢ ︽ᠡᠬᠦᠯᠡᠨ ᠴᠡᠩᠭᠡᠷ ᠨᠤᠳᠤᠭ︾ ᠭᠡᠬᠦ ᠳᠠᠭᠤᠤ ᠨᠢ ᠦᠪᠦᠷ ᠮᠤᠩᠭᠤᠯ ᠤᠷᠤᠨ ᠭᠡᠰᠡᠨ ᠦᠬᠡᠢ ᠴᠢᠨᠠᠭᠰᠢᠯᠠᠪᠠᠯ ᠰᠢᠨᠵᠢᠶᠠᠩ᠂ ᠬᠦᠬᠡᠨᠠᠭᠤᠷ ᠬᠦᠷᠳᠡᠯ᠎ᠠ ᠦᠷᠭᠡᠨ ᠳᠡᠯᠭᠡᠷᠡᠵᠦ᠂ 2006 ᠤᠨ ᠳᠤ ᠦᠪᠡᠷᠳᠡᠭᠡᠨ ᠵᠠᠰᠠᠬᠤ ᠤᠷᠤᠨ ᠤ ︽ᠲᠠᠪᠤᠨ ᠨᠢᠬᠡ ︾ ᠢᠨᠵᠧᠨᠧᠷᠢᠩ ᠤᠨ ᠱᠠᠩᠨᠠᠯ ᠪᠠ ︽ᠰᠠᠷᠠᠨ᠎ᠠ︾ ᠱᠠᠩᠨᠠᠯ ᠢᠶᠠᠷ ᠮᠢᠯᠢᠶᠠᠯᠭᠠᠵᠠᠢ᠃ 2002 ᠤᠨ ᠪᠠ 2006 ᠤᠨ ᠳᠤ ᠵᠤᠬᠢᠶᠠᠭᠳᠠᠭᠰᠠᠨ ︽ᠬᠠᠨ ᠳᠡᠭᠷᠢ ᠠᠯᠠᠱᠠ︾᠂ ︽ᠵᠢᠷᠦᠬᠡᠨ ᠤ ᠡᠷᠢᠯ︾ ᠵᠡᠷᠭᠡ ᠪᠦᠳᠦᠬᠡᠯ ᠨᠢ ᠮᠠᠨ ᠤ ᠤᠷᠤᠨ ᠤ ᠤᠷᠠᠨ ᠪᠦᠳᠦᠬᠡᠯᠴᠢᠳ ᠪᠠ ᠮᠤᠩᠭᠤᠯ ᠤᠯᠤᠰ ᠤᠨ ᠤᠷᠠᠯᠢᠭᠴᠢᠳ ᠤᠨ ᠭᠤᠶᠢᠳᠠ ᠰᠠᠶᠢᠬᠠᠨ ᠳᠤᠭᠯᠠᠯᠳᠠ ᠪᠠᠷ ᠳᠡᠮᠵᠢᠨ ᠬᠤᠶᠠᠷ ᠤᠯᠤᠰ ᠲᠤ ᠳᠡᠯᠭᠡᠷᠡᠨ ᠠᠯᠳᠠᠷᠰᠢᠵᠠᠢ᠃ 2005 ᠤᠨ ᠳᠤ ᠪᠦᠷᠢᠨᠪᠠᠶᠠᠷ ᠤᠨ ᠵᠤᠬᠢᠶᠠᠨ ᠪᠦᠳᠦᠭᠡᠵᠦ᠂ ᠤᠷᠠᠨ᠎ᠠ᠂ ᠢᠩᠬᠢᠮ᠎ᠠ ᠲᠠᠢ ᠪᠠᠨ ᠬᠠᠮᠳᠤ ᠳᠠᠭᠤᠯᠠᠭᠰᠠᠨ ︽ᠴᠢᠨᠳᠠᠮᠤᠨᠢ ᠡᠷᠳᠡᠨᠢ︾ ᠭᠡᠬᠦ ᠳᠠᠭᠤᠤ ᠨᠢ ᠨᠡᠩ ᠴᠤ ᠳᠤᠬᠠᠢ ᠶᠢᠨ ᠵᠢᠯ ᠳᠤ ᠪᠦᠬᠦ ᠤᠯᠤᠰ ᠤᠨ ᠬᠡᠪᠴᠢᠶᠡᠨ ᠳᠤ ᠬᠠᠯᠠᠮᠰᠢᠯ ᠳᠠᠭᠤᠤ ᠪᠤᠯᠵᠦ᠂ ᠨᠠᠢᠮᠠᠳᠤᠭᠠᠷ ᠬᠤᠭᠤᠴᠠᠭᠠᠨ ᠤ CCTV-MTV᠎ ᠶᠢᠨ ᠳᠠᠭᠤᠤ ᠬᠦᠭᠵᠢᠮ ᠤᠨ ᠴᠤᠭᠯᠠᠭᠠᠨ ᠤ ᠳᠤᠬᠠᠢ ᠶᠢᠨ ᠵᠢᠯ ᠤᠨ ᠬᠠᠮᠤᠭ ᠰᠢᠯᠢᠳᠡᠭ ᠳᠠᠭᠤᠤ ᠪᠠᠷ ᠦᠨᠡᠯᠡᠭᠳᠡᠵᠦ᠂ 2008 ᠤᠨ ᠳᠤ ᠶᠠᠪᠤᠭᠳᠠᠭᠰᠠᠨ ︽ᠦᠬᠡᠷᠡᠴᠢᠯᠡᠯᠳᠡ ᠨᠡᠬᠡᠬᠡᠯᠳᠡ ᠬᠢᠭᠰᠡᠨ 30 ᠵᠢᠯ ᠤᠨ ᠳᠤᠷᠰᠢᠬᠢ 30 ᠤᠷᠤᠰᠬᠠᠯ ᠳᠠᠭᠤᠤ︾᠎ ᠶᠢᠨ ᠨᠢᠬᠡ ᠪᠠᠷ ᠰᠤᠩᠭᠤᠭᠳᠠᠵᠠᠢ᠃    ᠦᠬᠡᠷᠡᠴᠢᠯᠡᠯᠳᠡ ᠨᠡᠭᠡᠭᠡᠯᠳᠡ ᠬᠢᠭᠰᠡᠨ ᠭᠤᠷᠪᠠᠳᠠᠬᠢ ᠠᠷᠪᠠᠨ ᠵᠢᠯ ᠳᠤ ᠮᠤᠩᠭᠤᠯ ᠵᠤᠬᠢᠶᠠᠮᠠᠯ ᠳᠠᠭᠤᠤ ᠨᠢ ᠨᠡᠩ ᠢᠳᠡᠭᠡᠯ ᠲᠠᠢ ᠳᠦᠷᠢ ᠳᠦᠷᠬᠦ ᠪᠠᠷ ᠠᠷᠠᠳ ᠳᠦᠮᠡᠨ ᠳᠡᠭᠡᠨ ᠤᠷᠠᠯᠢᠭ ᠤᠨ ᠬᠦᠷᠳᠡᠭᠡᠯ ᠬᠠᠩᠭᠠᠵᠦ᠂ ᠷᠤᠺ᠂ ᠫᠤᠫ᠂ ᠬᠠᠮᠳᠤᠯᠢᠭ ᠤᠨ ᠬᠦᠷᠢᠶ᠎ᠠ ᠴᠠᠷᠠᠭ᠎ᠠ ᠳᠤ ᠰᠢᠨ᠎ᠠ ᠡᠷᠢᠯᠳᠡ ᠬᠠᠶᠢᠯᠳᠠ ᠬᠢᠵᠦ᠂ ᠴᠢᠨᠠᠷᠵᠢᠭᠤᠨ ᠢᠳᠡᠯᠢᠭ ᠪᠦᠳᠦᠬᠡᠯ ᠢᠶᠠᠷ ᠴᠠᠬ ᠦᠶ᠎ᠠ ᠶᠢᠨ ᠦᠩᠬᠡ ᠬᠢᠯᠪᠠᠭ᠎ᠠ ᠶᠢ ᠳᠡᠮᠳᠡᠭᠯᠡᠭᠰᠡᠨ ᠪᠢᠯᠠ᠃          ☉  ᠬᠡᠰᠡᠭ ᠲᠥᠯᠤᠭᠡᠯᠡᠬᠦ  ᠪᠥᠳᠤᠭᠡᠯ1. ︽ᠵᠢᠷᠦᠬᠡᠨ ᠤ ᠡᠷᠢᠯ︾ ᠦᠬᠡ᠄ ᠨᠠᠰᠤᠨ ᠠᠶ᠎ᠠ᠄ ᠰᠡᠴᠡᠨᠴᠤᠭᠳᠤ2. ︽ᠡᠬᠦᠯᠡᠨ ᠴᠡᠩᠬᠡᠷ ᠨᠤᠳᠤᠭ︾ᠦᠬᠡ᠄ ᠠᠭᠤᠯᠠᠳᠠᠢ ᠠᠶ᠎ᠠ᠄ ᠷᠢᠸᠠᠳᠢ3. ᠨᠠᠮᠤᠷ ᠤᠨ ᠨᠠᠮᠤᠷ ᠲᠤ ᠪᠠᠨ ᠲᠤᠷᠠᠰᠴᠤ ᠶᠠᠪᠤᠭᠠᠷᠠᠢ ᠦᠬᠡ᠂ ᠠᠶ᠎ᠠ᠄ ᠮᠠᠰᠢ 4. ︽ᠬᠠᠨ ᠳᠡᠭᠷᠢ ᠠᠯᠠᠱᠠ︾ᠦᠬᠡ᠄ ᠰ᠊ · ᠮᠠᠰᠢᠪᠢᠯᠢᠭ᠌ ᠠᠶ᠎ᠠ᠄ ᠰ᠊᠂ ᠡᠩᠬᠡᠪᠠᠶᠠᠷ5. ︽ᠮᠠᠯᠴᠢᠨ ᠠᠷᠠᠳ ᠤᠨ ᠰᠡᠳᠬᠢᠯ︾ᠦᠬᠡ᠂ ᠠᠶ᠎ᠠ᠄ ᠴᠠᠭᠠᠨ6. ︽ᠮᠦᠩᠬᠦᠨ ᠬᠤᠨᠳᠠᠭ᠎ᠠ︾ᠦᠬᠡ᠂ ᠠᠶ᠎ᠠ᠄ ᠪᠠᠶᠠᠨᠴᠡᠩᠬᠡᠯ7. ︽ᠰᠠᠨᠠᠵᠤ ᠶᠠᠪᠤᠬᠤ ᠦᠬᠡᠢ ᠶᠠᠭᠠᠬᠢᠬᠤᠪ ᠳ᠋ᠠ︾ ᠦᠬᠡ᠄ ᠨᠠᠰᠤᠨ ᠠᠶ᠎ᠠ᠄ ᠠ᠊ · ᠪᠠᠶᠠᠷ 8. ︽ᠴᠢᠨᠳᠠᠮᠤᠨᠢ ᠡᠷᠳᠡᠨᠢ︾ ᠦᠬᠡ᠂ ᠠᠶ᠎ᠠ᠄ ᠪᠦᠷᠢᠨᠪᠠᠶᠠᠷ9. ︽ᠴᠡᠴᠡᠭ ᠤᠨ ᠰᠢᠪᠡᠨᠡᠭᠡ︾ᠦᠬᠡ᠄ ᠨᠠᠰᠤᠨ ᠠᠶ᠎ᠠ᠄ ᠰᠡᠴᠡᠨᠴᠤᠬᠳᠤ
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号