ᠸ᠊ · ᠲᠠᠪᠰᠢᠯᠳᠦ ︽ᠭᠠᠩᠭ᠎ᠠ ᠶᠢᠨ ᠤᠷᠤᠰᠬᠠᠯ︾᠎ ᠢ ᠬᠢᠴᠢᠶᠡᠩᠬᠦᠢ ᠲᠢᠭ ᠢᠶᠠᠷ ᠰᠡᠶᠢᠷᠡᠭᠦᠯᠵᠦ ᠮᠤᠩᠭᠤᠯ ᠤᠷᠠᠨ ᠪᠢᠴᠢᠯᠭᠡ ᠶᠢᠨ ᠪᠠᠶᠠᠨ ᠰᠠᠩ ᠳᠤ ᠪᠠᠰᠠ ᠨᠢᠭᠡᠨ ᠦᠨᠡᠳᠦ ᠥᠪ ᠨᠡᠮᠡᠷᠢᠯᠡᠯ᠎ᠡ
2018-10-11 11:40:48
ᠵᠣᠬᠢᠶᠠᠭᠴᠢ᠄ 
ᠤᠳᠣ ᠪᠠᠶᠠᠷᠴᠡᠩᠭᠡᠯ ᠪᠠᠶᠠᠰᠬᠤᠯᠠᠩ
ᠣᠩᠰᠢᠭᠰᠠᠨ ᠣᠳᠠᠭ᠎ᠠ᠄ 
★★★☆☆
      ᠮᠤᠩᠭᠤᠯ ᠤᠷᠠᠨ ᠪᠢᠴᠢᠯᠬᠡ ᠶᠢᠨ ᠪᠠᠶᠠᠨ ᠰᠠᠩ ᠳᠤ ᠤᠯᠠᠨ ᠡᠷᠳᠡᠮᠳᠡᠨ ᠮᠡᠷᠭᠡᠳ ᠤᠷᠠᠨ ᠪᠢᠴᠢᠯᠭᠡ ᠶᠢᠨ ᠪᠦᠲᠦᠬᠡᠯ ᠤᠨ ᠲᠡᠭᠡᠵᠢ ᠪᠠᠨ ᠡᠷᠬᠦᠭᠰᠡᠭᠡᠷ ᠪᠠᠶᠢᠭ᠎ᠠ ᠨᠢ ᠪᠠᠭ᠋ᠠᠷᠬᠠᠯᠳᠠᠢ ᠪᠦᠭᠡᠳ ᠮᠠᠭᠳᠠᠭᠤᠰᠢᠳᠠᠢ᠃ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠠ ᠶᠢᠨ ᠵᠢᠭᠠᠬᠤ ᠶᠢ ᠰᠤᠳᠤᠯᠬᠤ ᠲᠠᠰᠤᠭ ᠤᠨ ᠸ᠊ · ᠲᠠᠪᠰᠢᠯᠳᠤ ᠭᠤᠸᠠᠢ ᠦᠨᠦ ᠵᠢᠯ ᠴᠠᠭ ᠵᠠᠢ ᠪᠠᠨ ᠵᠠᠶᠢᠴᠢᠯᠠᠵᠤ ᠪᠠᠶᠢᠭᠠᠳ ᠦᠵᠦᠮᠦᠴᠢᠨ ᠬᠦᠩ ᠭᠤᠮᠪᠦᠵᠠᠪ ᠤᠨ ᠵᠤᠬᠢᠶᠠᠭᠰᠠᠨ ︽ᠭᠠᠨᠭ᠍ᠭ᠎ᠠ ᠶᠢᠨ ᠤᠷᠤᠰᠬᠠᠯ︾ ᠨᠤᠮ ᠢ 2 ᠰᠠᠷ᠎ᠠ ᠭᠠᠷᠤᠢ ᠶᠢᠨ ᠬᠤᠭᠤᠴᠠᠭᠠᠨ ᠳᠤ ᠮᠤᠩᠭᠤᠯ ᠤᠷᠠᠨ ᠪᠢᠴᠢᠯᠭᠡ ᠶᠢᠨ ᠬᠢᠴᠢᠶᠡᠩᠬᠦᠢ ᠲᠢᠭ ᠢᠶᠠᠷ ᠰᠡᠶᠢᠷᠡᠬᠦᠯᠵᠤ᠂ ᠮᠤᠩᠭᠤᠯ ᠤᠷᠠᠨ ᠪᠢᠴᠢᠯᠬᠡ ᠶᠢᠨ ᠪᠠᠰᠨ ᠨᠢᠭᠡᠨ ᠡᠷᠬᠢᠮ ᠦᠨᠡᠳᠦ ᠪᠦᠲᠦᠭᠡᠯ ᠡᠶᠢᠨ ᠬᠦ ᠮᠡᠨᠳᠦᠯᠡᠭᠰᠡᠨ ᠪᠠᠶᠢᠨ᠎ᠠ᠃      ᠭᠤᠮᠪᠤᠵᠠᠪ ᠬᠦᠩ ᠤᠨ ᠵᠤᠬᠢᠶᠠᠭᠰᠠᠨ ︽ᠭᠠᠨᠭ᠍ᠭ᠎ᠠ ᠶᠢᠨ ᠤᠷᠤᠰᠬᠠᠯ︾᠎ ᠤᠨ ᠤᠭ ᠨᠡᠷ᠎ᠡ ᠨᠢ ︽ᠴᠢᠩᠬᠢᠰ ᠡᠵᠡᠨ ᠤ ᠠᠯᠳᠠᠨ ᠤᠷᠤᠭ ᠤᠨ ᠲᠡᠥᠬᠡ ᠺᠠᠩᠺᠠ ᠶᠢᠨ ᠤᠷᠤᠰᠬᠠᠯ ᠨᠡᠷᠡᠳᠦ ᠪᠢᠴᠢᠭ ᠤᠷᠤᠰᠢᠪᠠ︾ ᠬᠡᠳᠡᠭ᠃ 1725 ᠤᠨ ᠳᠤ ᠵᠤᠬᠢᠶᠠᠭᠳᠠᠵᠤ᠂ ᠭᠤᠤᠯᠳᠠᠭᠤ ᠮᠤᠩᠭᠤᠯ ᠬᠠᠭᠠᠳ ᠪᠠ ᠨᠤᠶᠠᠳ ᠤᠨ ᠭᠤᠤᠯ ᠤᠭᠰᠠᠭᠠᠨ ᠤ ᠤᠯᠠᠮᠵᠢᠯᠠᠯ ᠢ ᠤᠨ ᠲᠠᠷᠠᠭᠠᠯᠠᠨ ᠪᠢᠴᠢᠵᠡᠢ᠃ ᠤᠭ ᠪᠢᠴᠢᠭ ᠢ ︽ᠠᠩᠬᠠᠨ ᠤ ᠪᠦᠯᠦᠭ︾ ᠪᠠ ︽ᠨᠦᠬᠦᠭᠡ ᠪᠦᠯᠦᠭ︾ ᠬᠡᠵᠤ ᠬᠤᠶᠠᠷ ᠬᠤᠪᠢᠶᠠᠭᠰᠠᠨ ᠪᠠᠶᠢᠳᠠᠭ᠃      ᠸ᠊ · ᠲᠠᠪᠰᠢᠯᠳᠤ ᠭᠤᠸᠠᠢ ︽ᠭᠠᠨᠭ᠍ᠭ᠎ᠠ ᠶᠢᠨ ᠤᠷᠤᠰᠬᠠᠯ︾᠎ ᠤᠨ ᠮᠤᠩᠭᠤᠯ ᠤᠷᠠᠨ ᠪᠢᠴᠢᠯᠭᠡ ᠶᠢᠨ ᠪᠦᠲᠦᠭᠡᠯ ᠢᠶᠠᠨ ᠰᠡᠶᠢᠷᠡᠬᠦᠯᠬᠦ ᠳᠡᠭᠡᠨ ᠮᠤᠩᠭᠤᠯ ᠤᠷᠠᠨ ᠪᠢᠴᠢᠯᠭᠡ ᠶᠢᠨ ᠬᠢᠴᠢᠶᠡᠩᠬᠦᠢ ᠲᠢᠭ ᠢᠶᠠᠷ ᠬᠠᠭᠤᠯᠪᠤᠷᠢᠯᠠᠨ ᠪᠢᠴᠢᠵᠡᠢ᠃ ᠪᠦᠲᠦᠭᠡᠯ ᠤᠨ ᠤᠷᠳᠤ ᠶᠢᠨ ᠬᠡᠮᠵᠢᠶ᠎ᠡ 33 ᠮᠧᠳ᠋ᠷ᠂ ᠦᠷᠭᠡᠨ ᠤ ᠬᠡᠮᠵᠢᠶ᠎ᠡ 70 ᠰᠡᠨᠲ᠋ᠢᠮᠧᠳ᠋ᠷ ᠪᠠᠶᠢᠵᠤ᠂ ᠦᠰᠦᠭ ᠤᠨ ᠲᠤᠭ᠎ᠠ 3 ᠲᠦᠮᠨ ᠭᠠᠷᠤᠢ᠃      1981 ᠤᠨ ᠳᠤ ᠰᠢᠯᠢ ᠶᠢᠨ ᠭᠤᠤᠯ ᠠᠶᠢᠮᠠᠭ ᠤᠨ ᠪᠠᠭᠰᠢ ᠶᠢᠨ ᠰᠤᠷᠭᠠᠭᠤᠯᠢ ᠠᠴᠠ ᠰᠤᠷᠤᠯᠭ᠎ᠠ ᠲᠡᠬᠦᠰᠦᠭᠰᠡᠨ ᠸ᠊ · ᠲᠠᠪᠰᠢᠯᠳᠦ ᠮᠦᠨ ᠵᠢᠯ ᠳᠡᠭᠡᠨ ᠪᠠᠭᠰᠢ ᠪᠠᠷ ᠠᠵᠢᠯ ᠤᠨ ᠭᠠᠷᠤᠭ᠎ᠠ ᠪᠠᠨ ᠠᠪᠴᠦ᠂ ᠬᠡᠯᠡ ᠪᠢᠴᠢᠭ᠂ ᠲᠠᠭᠤᠤ᠂ ᠲᠠᠮᠢᠷ ᠵᠡᠷᠭᠡ ᠶᠠᠩᠵᠤ ᠪᠦᠷᠢ ᠶᠢᠨ ᠬᠢᠴᠢᠶᠡᠯ ᠵᠢᠭᠠᠳᠠᠭ ᠰᠤᠷᠤᠭᠴᠢᠳ ᠤᠨ ᠬᠠᠶᠢᠷᠠᠳᠠᠢ ᠪᠠᠭᠰᠢ ᠪᠤᠯᠵᠤ ᠶᠠᠪᠤᠵᠠᠢ᠃ ᠬᠤᠵᠢᠮ ᠨᠢ᠂ 1993 ᠤᠨ ᠤ 10 ᠰᠠᠷ᠎ᠠ ᠳᠤ ᠰᠤᠷᠭᠠᠭᠤᠯᠢ ᠶᠢᠨ ᠪᠠᠭᠰᠢ ᠠᠴᠠ ᠪᠠᠨ ᠬᠤᠰᠢᠭᠤᠨ ᠤ ᠪᠠᠨ ᠰᠤᠷᠭᠠᠨ ᠬᠦᠮᠦᠵᠢᠯ ᠤᠨ ᠲᠤᠪᠴᠢᠶᠡᠨ ᠤ ᠵᠢᠭᠠᠬᠤ ᠶᠢ ᠰᠤᠳᠤᠯᠬᠤ ᠲᠠᠰᠤᠭ ᠲᠤ ᠠᠵᠢᠯ ᠰᠢᠯᠵᠢᠭᠰᠡᠨ ᠢᠶᠠᠷ ᠢᠶᠠᠨ ᠤᠳᠤ ᠪᠤᠯᠳᠠᠯ᠎ᠠ ᠠᠵᠢᠯ ᠤᠨ ᠪᠠᠶᠢᠷᠢᠨ ᠳᠠᠭᠠᠨ ᠮᠡᠷᠡᠶᠢᠨ ᠵᠢᠳᠬᠦᠭᠰᠡᠭᠡᠷ ᠪᠠᠶᠢᠭ᠎ᠠ ᠪᠢᠯᠡ᠃ ᠪᠠᠭᠰᠢ ᠬᠦᠮᠦᠨ ᠮᠢᠩᠭᠠᠨ ᠡᠷᠳᠡᠮ ᠲᠠᠢ ᠭᠡᠳᠡᠭ ᠢᠶᠠᠷ ᠸ᠊ · ᠲᠠᠪᠰᠢᠯᠳᠤ ᠭᠤᠸᠠᠢ ᠶᠠᠮᠠᠷ ᠠᠵᠢᠯ ᠬᠢᠴᠢᠶᠡᠯ ᠳᠤ ᠴᠦ ᠭᠡᠰᠡᠨ ᠪᠦᠷ ᠵᠠᠭᠤᠨ ᠬᠤᠪᠢ ᠶᠢᠨ ᠬᠦᠳᠡᠯᠮᠤᠷᠢ ᠴᠢᠷᠮᠠᠶᠢᠯᠭ᠎ᠠ ᠭᠠᠷᠭᠠᠳᠠᠭ ᠪᠦᠬᠡᠳ ᠴᠢᠳᠠᠬᠤ ᠦᠬᠡᠢ ᠵᠦᠢᠯ ᠢᠶᠠᠨ ᠵᠠᠪᠠᠯ ᠴᠢᠳᠠᠵᠤ ᠮᠡᠳᠡᠬᠦ ᠶᠢᠨ ᠲᠤᠯᠠᠳᠠ ᠦᠵᠦᠬᠦᠷ ᠲᠤᠨᠢ ᠭᠠᠷᠳᠠᠯ᠎ᠠ ᠵᠢᠳᠬᠦᠳᠡᠭ ᠨᠢᠭᠡᠨ᠃      ᠲᠡᠭᠦᠨ ᠤ ᠤᠷᠠᠨ ᠪᠢᠴᠢᠯᠭᠡ ᠶᠢᠨ ᠬᠤᠪᠢ ᠪᠠᠷᠢᠯᠳᠤᠯᠭ᠎ᠠ ᠶᠢ ᠶᠠᠷᠢᠬᠤ ᠳᠤ ᠨᠢᠬᠡ ᠶᠡᠭᠡ ᠬᠤᠯᠠ ᠦᠬᠡᠢ 2004 ᠤᠨ ᠤ ᠤᠴᠢᠷ ᠪᠠᠶᠢᠭ᠎ᠠ ᠶᠤᠮ᠃ ᠰᠤᠷᠭᠠᠨ ᠬᠦᠮᠦᠵᠢᠯ ᠤᠨ ᠲᠤᠪᠴᠢᠶ᠎ᠡ ᠠᠴᠠ ᠨᠢᠭᠡᠨ ᠠᠵᠢᠯᠯᠠᠭ᠎ᠠ ᠡᠷᠬᠢᠯᠡᠨ ᠶᠠᠪᠤᠭᠳᠠᠭᠤᠯᠬᠤ ᠪᠤᠯᠵᠤ᠂ ᠬᠦᠨᠳᠡᠯᠡᠨ ᠬᠦᠰᠢᠭᠡᠨ ᠲᠡᠭᠡᠷ᠎ᠡ ᠠᠵᠢᠯᠯᠠᠭᠠᠨ ᠤ ᠪᠠᠨ ᠬᠡᠳᠦᠨ ᠦᠬᠡ ᠶᠢ ᠤᠷᠠᠨ ᠪᠢᠴᠢᠯᠬᠡ ᠪᠠᠷ ᠪᠢᠴᠢᠬᠦ ᠪᠤᠯᠵᠠᠢ᠃ ᠲᠤᠬᠠᠢ ᠶᠢᠨ ᠦᠶᠡᠰ ᠲᠤᠪᠴᠢᠶᠡᠨ ᠳᠤᠨᠢ ᠤᠷᠠᠨ ᠪᠢᠴᠢᠯᠭᠡ ᠪᠢᠴᠢᠳᠡᠭ ᠬᠦᠮᠦᠨ ᠪᠠᠶᠢᠭᠰᠠᠨ ᠦᠬᠡᠢ ᠪᠤᠯᠬᠤᠷ ᠠᠷᠭ᠎ᠠ ᠪᠤᠰᠤ ᠭᠠᠳᠠᠨ᠎ᠠ ᠠᠴᠠ ᠤᠷᠠᠨ ᠪᠢᠴᠢᠯᠭᠡᠳᠡᠨ ᠵᠠᠯᠠᠵᠤ ᠪᠢᠴᠢᠬᠦᠯᠬᠦ ᠯᠡ ᠭᠡᠷᠡᠭ᠃ ᠡᠨᠡ ᠤᠴᠢᠷ ᠲᠤᠨᠢ ᠸ᠊ · ᠲᠠᠪᠰᠢᠯᠳᠤ ᠭᠤᠸᠠᠢ ᠶᠢᠨ ᠪᠠᠭᠰᠢ ᠨᠢ ᠲᠡᠭᠦᠨ ᠳᠤ᠄ ︽ᠬᠡᠳᠦᠨ ᠦᠰᠦᠭ ᠤᠨ ᠲᠦᠯᠦᠬᠡ ᠪᠠᠰᠠ ᠭᠠᠳᠠᠨ᠎ᠠ ᠶᠢᠨ ᠬᠦᠮᠦᠨ ᠢ ᠭᠤᠶᠤᠵᠤ ᠭᠤᠨᠭ᠍ᠰᠢᠭᠠᠳ᠂ ᠲᠠ ᠨᠠᠷ ᠰᠢᠬ ᠵᠠᠯᠠᠭᠤ ᠬᠦᠮᠦᠰ ᠦᠪᠡᠷ ᠢᠶᠠᠨ ᠤᠷᠠᠨ ᠪᠢᠴᠢᠯᠭᠡ ᠰᠤᠷᠴᠢᠬᠠᠵᠤ ᠪᠤᠯᠳᠠᠭ ᠦᠬᠡᠢ ᠤᠤ︾ ᠭᠡᠵᠤ ᠤᠯᠠᠨ ᠬᠦᠮᠦᠰ ᠤᠨ ᠡᠮᠦᠨ᠎ᠡ ᠦᠬᠡ ᠢᠳᠡᠬᠦᠯᠦᠭᠰᠡᠨ ᠨᠢ ᠲᠤᠬᠠᠢ ᠶᠢᠨ ᠦᠶᠡᠰ ᠲᠡᠭᠦᠨ ᠤ ᠨᠢᠭᠤᠷ ᠲᠤ ᠲᠤᠯᠤᠭᠰᠠᠨ ᠭᠡᠳᠡᠭ᠃ ᠶᠠᠭ ᠡᠨᠡ ᠯᠡ ᠶᠠᠪᠤᠳᠠᠯ ᠠᠴᠠ ᠪᠤᠯᠵᠤ ᠸ᠊ · ᠲᠠᠪᠰᠢᠯᠳᠤ ᠭᠤᠸᠠᠢ ᠪᠤᠤᠱᠠᠨ᠂ ᠪᠠᠶᠠᠨᠬᠦᠦ᠂ ᠪᠠᠢ ᠪᠦᠬᠡ ᠵᠡᠷᠭᠡ ᠨᠡᠷᠡᠳᠦ ᠤᠷᠠᠨ ᠪᠢᠴᠢᠯᠭᠡᠳᠡᠳ ᠤᠨ ᠤᠷᠠᠨ ᠪᠢᠴᠢᠯᠭᠡ᠂ ᠨᠤᠮ ᠲᠡᠪᠳᠡᠷ ᠢ ᠨᠢ ᠴᠤᠭᠯᠠᠭᠤᠯᠤᠨ ᠂ ᠴᠢᠯᠦᠬᠡ ᠵᠠᠪ ᠭᠠᠷᠤᠮᠠᠭᠴᠠ ᠯᠡ ᠤᠷᠠᠨ ᠪᠢᠴᠢᠯᠬᠡ ᠪᠢᠴᠢᠵᠤ ᠪᠤᠯᠪᠠᠰᠤᠷᠠᠳᠠᠭ ᠪᠤᠯᠵᠠᠢ᠃ ᠬᠡᠳᠦᠨ ᠬᠦᠮᠦᠨ ᠴᠤᠭ ᠠᠵᠢᠯᠯᠠᠳᠠᠭ ᠠᠯᠪᠠᠨ ᠭᠡᠷ ᠲᠤ ᠤᠷᠠᠨ ᠪᠢᠴᠢᠯᠭᠡ ᠪᠠᠨ ᠪᠤᠯᠪᠠᠰᠤᠷᠠᠨ᠎ᠠ ᠬᠡᠳᠡᠭ ᠬᠠᠨᠭ᠍ᠭᠠᠯᠳᠠᠳᠠᠢ ᠤᠷᠤᠨ ᠵᠠᠢ ᠭᠡᠵᠤ ᠪᠠᠶᠢᠳᠠᠭ ᠦᠬᠡᠢ᠂ ᠲᠡᠷᠡ ᠪᠠᠷ ᠠᠷᠭ᠎ᠠ ᠪᠤᠰᠤ ᠠᠯᠪᠠᠨ ᠭᠡᠷ ᠤᠨ ᠢᠶᠠᠨ ᠨᠢᠭᠡ ᠪᠤᠯᠤᠩ ᠳᠤᠨᠢ ᠪᠢᠴᠢᠯᠭᠡ ᠶᠢᠨ ᠵᠢᠭᠠᠬᠠᠨ ᠰᠢᠷᠡᠭᠡ ᠪᠠᠨ ᠲᠠᠯᠪᠢᠭᠠᠳ ᠯᠡ ᠠᠷᠭᠠᠯᠠᠵᠤ ᠪᠢᠴᠢᠨ᠎ᠡ᠃ ᠰᠠᠭᠤᠳᠠᠭ ᠠᠰᠠᠷ ᠲᠠᠭᠠᠨ ᠴᠦ ᠮᠦᠨ ᠠᠳᠠᠯᠢᠬᠠᠨ᠂ ᠲᠡᠭᠦᠨ ᠤ ᠦᠬᠡ ᠪᠠᠷ ᠬᠡᠯᠡᠪᠡᠯ ︽ᠭᠡᠷ ᠤᠨ ᠢᠶᠠᠨ ᠬᠠᠭᠠᠰ ᠢᠯᠡᠬᠦᠦ ᠶᠢ ᠨᠢ ᠪᠢ ᠡᠵᠡᠯᠡᠭᠡᠳ ᠯᠡ ᠠᠪᠴᠢᠬᠠᠵᠤ ᠰᠢᠦ︾ ᠭᠡᠳᠡᠭ᠃ ᠨᠦᠬᠦᠴᠡᠯ ᠪᠤᠯᠤᠮᠵᠢ ᠪᠠᠷᠤᠭᠳᠠᠢ ᠪᠠᠶᠢᠳᠠᠭ ᠴᠦ ᠰᠤᠷᠬᠤ ᠶᠢ ᠬᠢᠴᠢᠶᠡᠭᠰᠡᠨ ᠦᠨᠡᠨ ᠵᠢᠷᠦᠬᠡ ᠴᠤᠬᠢᠯᠠᠵᠤ ᠪᠠᠶᠢᠭᠰᠠᠨ ᠤᠴᠢᠷ ᠲᠡᠭᠦᠨ ᠤ ᠤᠷᠠᠨ ᠪᠢᠴᠢᠯᠭᠡ ᠶᠢᠨ ᠬᠡᠪ ᠪᠤᠯᠪᠠᠰᠤᠷᠠᠯ ᠤᠳᠠᠭᠰᠠᠨ ᠦᠬᠡᠢ ᠲᠡᠭᠡᠭᠰᠢᠯᠡᠵᠤ ᠲᠠᠪᠰᠢᠵᠤ ᠢᠷᠡᠭᠰᠡᠨ ᠪᠠᠶᠢᠯ᠎ᠠ᠃      ᠬᠠᠮᠳᠤ ᠠᠵᠢᠯᠯᠠᠭᠰᠠᠳ ᠨᠢ ᠲᠡᠭᠦᠨ ᠢ ᠲᠠᠭᠠᠭᠠᠳ ᠤᠷᠠᠨ ᠪᠢᠴᠢᠯᠭᠡ ᠪᠤᠯᠪᠠᠰᠤᠷᠠᠳᠠᠭ ᠪᠤᠯᠤᠭᠰᠠᠨ ᠪᠠ ᠲᠡᠭᠦᠨ ᠢᠶᠠᠷ ᠤᠷᠠᠨ ᠪᠢᠴᠢᠯᠬᠡ ᠪᠢᠴᠢᠬᠦᠯᠬᠦ ᠭᠡᠵᠤ ᠬᠦᠰᠡᠵᠤ ᠭᠤᠶᠤᠵᠤ ᠢᠷᠡᠳᠡᠭ ᠨᠢ ᠸ᠊ · ᠲᠠᠪᠰᠢᠯᠳᠤ ᠳᠤ ᠠᠪᠴᠦ ᠬᠡᠯᠡᠪᠡᠯ ᠨᠢᠬᠡ ᠶᠤᠰᠤᠨ ᠤ ᠤᠯᠵᠠᠭᠤᠷᠬᠠᠯ ᠪᠠᠶᠢᠯ᠎ᠠ᠃ ︽ᠮᠢᠨᠤ ᠤᠷᠠᠨ ᠪᠢᠴᠢᠯᠬᠡ ᠶᠢ ᠭᠤᠯᠤᠬᠤ ᠦᠬᠡᠢ ᠪᠠᠶᠢᠬᠤ ᠴᠢᠨᠢ ᠪᠤᠯᠤᠨ᠎ᠠ ᠳ᠋ᠠ︾ ᠭᠡᠵᠤ ᠴᠠᠶᠢᠯᠭᠠᠨ ᠪᠤᠳᠤᠭᠠᠳ ᠯᠡ᠃ ᠢᠡᠭᠬᠢᠵᠤ ᠬᠦᠮᠦᠨ ᠭᠤᠶᠤᠪᠠᠯ ᠪᠢᠴᠢᠵᠤ ᠦᠭᠬᠦᠭᠡᠳ ᠯᠡ ᠶᠠᠪᠤᠭᠰᠠᠭᠠᠷ ᠲᠡᠷᠡ ᠪᠠᠷ ᠤᠳᠤ ᠪᠤᠯᠬᠤ ᠳᠤ ᠮᠠᠰᠢ ᠤᠯᠠᠨ ᠬᠦᠮᠦᠨ ᠳᠤ ᠦᠪᠡᠷ ᠤᠨ ᠤᠷᠠᠨ ᠪᠢᠴᠢᠯᠭᠡ ᠪᠠᠨ ᠦᠨ᠎ᠡ ᠲᠦᠯᠦᠪᠦᠷᠢ ᠦᠬᠡᠢ ᠬᠦᠷᠭᠡᠭᠰᠡᠨ ᠪᠠᠶᠢᠯ᠎ᠠ᠃ ᠤᠳᠤ ᠪᠤᠯᠬᠤ ᠳᠤ ᠲᠡᠷᠡ ᠤᠷᠤᠨ ᠠᠶᠢᠮᠠᠭ ᠤᠨ ᠬᠡᠪᠴᠢᠶᠡᠨ ᠤ ᠤᠷᠠᠨ ᠪᠢᠴᠢᠯᠬᠡ ᠶᠢᠨ ᠮᠠᠰᠢ ᠤᠯᠠᠨ ᠤᠷᠤᠯᠳᠤᠭᠠᠨ ᠳᠤ ᠤᠷᠤᠯᠴᠠᠵᠤ᠂ ᠱᠠᠩᠨᠠᠯ ᠬᠦᠬᠢᠬᠦᠯᠦᠯ ᠤᠯᠠᠨᠳᠠ ᠲᠤᠰᠴᠠᠢ᠃ ᠦᠨᠦ ᠵᠢᠯ ᠤᠨ 4 ᠰᠠᠷ᠎ᠠ ᠳᠤ ᠲᠡᠷᠡ ᠪᠠᠷ᠂ ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠳᠤ ᠪᠦᠬᠦ ᠤᠯᠤᠰ ᠤᠨ ᠬᠡᠪᠴᠢᠶ᠎ᠡ ᠲᠠᠢ ᠤᠷᠠᠨ ᠪᠢᠴᠢᠯᠬᠡ ᠶᠢᠨ ᠪᠤᠯᠪᠠᠰᠤᠷᠠᠯ ᠳᠤ ᠤᠷᠤᠯᠴᠠᠵᠤ᠂ 20 ᠬᠤᠨᠤᠭ ᠰᠤᠷᠤᠯᠴᠠᠭᠰᠠᠨ ᠨᠢ ᠲᠡᠭᠦᠨ ᠳᠤ ᠮᠠᠰᠢ ᠲᠤᠷᠠᠳᠬᠠᠯ ᠲᠠᠢ ᠶᠠᠪᠤᠳᠠᠯ ᠪᠤᠯᠤᠭᠰᠠᠨ ᠪᠦᠬᠡᠳ ᠮᠠᠰᠢ ᠤᠯᠠᠨ ᠤᠷᠠᠨ ᠪᠢᠴᠢᠯᠭᠡᠳᠡᠳ ᠲᠠᠢ ᠨᠢᠭᠤᠷ ᠤᠴᠠᠷᠠᠨ ᠵᠤᠯᠭᠠᠵᠤ᠂ ᠤᠷᠠᠨ ᠪᠢᠴᠢᠯᠭᠡ ᠶᠢᠨ ᠮᠡᠷᠭᠡᠵᠢᠯ ᠪᠤᠯᠪᠠᠰᠤᠷᠠᠯ ᠢᠶᠠᠨ ᠤᠯᠠᠮ ᠨᠢᠭᠡ ᠠᠯᠬᠤᠮ ᠲᠡᠭᠡᠭᠰᠢᠯᠡᠬᠦᠯᠦᠨ ᠠᠬᠢᠭᠤᠯᠤᠭᠰᠠᠨ ᠳᠠᠭᠠᠨ ᠰᠡᠳᠬᠢᠯ ᠮᠠᠰᠢ ᠬᠠᠨᠤᠮᠵᠢᠳᠠᠢ ᠪᠠᠶᠢᠯ᠎ᠠ᠃ 
 
      — ᠦᠵᠦᠮᠦᠴᠢᠨ ᠬᠦᠩ ᠭᠤᠮᠪᠤᠵᠠᠪ ᠢ ᠶᠠᠷᠢᠬᠤ ᠳᠤ᠂ ᠨᠢᠬᠡᠨ ᠦᠶ᠎ᠡ ᠶᠢᠨ ᠨᠡᠷᠡᠳᠦ ᠰᠤᠶᠤᠨ ᠬᠡᠬᠡᠷᠡᠬᠦᠯᠦᠭᠴᠢ᠂ ᠲᠡᠥᠬᠡᠴᠢ ᠡᠷᠳᠡᠮᠳᠡᠨ ᠪᠠᠶᠢᠯ᠎ᠠ ᠬᠡᠳᠡᠭ᠂ ᠨᠤᠳᠤᠭ ᠤᠨ ᠢᠶᠠᠨ ᠡᠨᠡ ᠶᠡᠭᠡ ᠬᠦᠮᠦᠨ ᠤ ᠡᠷᠳᠡᠮ ᠴᠢᠳᠠᠯ ᠢ ᠨᠢ ᠪᠢᠰᠢᠷᠠᠵᠤ᠂ ᠦᠷ᠎ᠡ ᠬᠤᠶᠢᠴᠢ ᠳᠠᠭᠠᠨ ᠲᠡᠮᠳᠡᠭᠯᠡᠵᠤ ᠦᠯᠡᠳᠡᠭᠡᠭᠰᠡᠨ ᠠᠤᠭ᠎ᠠ ᠶᠡᠭᠡ ᠪᠦᠲᠦᠭᠡᠯ ᠪᠤᠯᠬᠤ ︽ᠭᠠᠨᠭ᠍ᠭ᠎ᠠ ᠶᠢᠨ ᠤᠷᠤᠰᠬᠠᠯ︾ ᠨᠤᠮ ᠢ ᠦᠪᠡᠷ ᠤᠨ ᠴᠢᠳᠠᠯ ᠤᠨ ᠬᠡᠮᠵᠢᠶᠡᠨ ᠳᠤ ᠡᠶᠢᠨ ᠬᠦ ᠮᠤᠩᠭᠤᠯ ᠤᠷᠠᠨ ᠪᠢᠴᠢᠯᠬᠡ ᠪᠠᠷ ᠰᠡᠶᠢᠷᠡᠬᠦᠯᠦᠯ᠎ᠡ᠃ ᠡᠨᠡ ᠵᠢᠯ ᠤᠨ 3 ᠰᠠᠷ᠎ᠠ ᠠᠴᠠ ᠡᠬᠢᠯᠡᠵᠤ ᠰᠡᠶᠢᠷᠡᠬᠦᠯᠦᠭᠡᠳ 5 ᠰᠠᠷ᠎ᠠ ᠳᠤ ᠲᠠᠭᠤᠰᠤᠭᠰᠠᠨ ᠶᠤᠮ ᠭᠡᠵᠤ ᠸ᠊ · ᠲᠠᠪᠰᠢᠯᠳᠦ ᠭᠤᠸᠠᠢ ᠶᠠᠷᠢᠯ᠎ᠠ᠃      ︽ᠭᠠᠨᠭ᠍ᠭ᠎ᠠ ᠶᠢᠨ ᠤᠷᠤᠰᠬᠠᠯ︾᠎ ᠤᠨ ᠤᠷᠠᠨ ᠪᠢᠴᠢᠯᠬᠡ ᠶᠢᠨ ᠪᠦᠲᠦᠬᠡᠯ ᠢᠶᠠᠨ ᠰᠡᠶᠢᠷᠡᠬᠦᠯᠵᠤ ᠲᠠᠭᠤᠰᠤᠭᠰᠠᠨ ᠤ ᠲᠠᠷᠠᠭ᠎ᠠ ᠸ᠊ · ᠲᠠᠪᠰᠢᠯᠳᠦ ᠭᠤᠸᠠᠢ ᠦᠪᠡᠷ ᠢᠶᠠᠨ ᠨᠢᠭᠡ ᠴᠠᠷᠳᠠᠬᠤ ᠮᠠᠰᠢᠨ ᠠᠪᠴᠦ᠂ ᠪᠦᠰᠡᠬᠦᠢ ᠲᠠᠢ ᠪᠠᠨ ᠬᠤᠶᠠᠭᠤᠯᠠ ᠲᠤᠰ ᠪᠦᠲᠦᠬᠡᠯ ᠢᠶᠠᠨ ᠲᠤᠷᠭ᠎ᠠ ᠪᠠᠷ ᠲᠡᠪᠢᠰᠭᠡᠷᠯᠡᠵᠤ᠂ ᠤᠭᠠᠯᠵᠠ ᠬᠡ ᠶᠢᠨ ᠴᠢᠮᠡᠭ ᠲᠠᠢ ᠤᠷᠠᠯᠢᠭ ᠤᠨ ᠰᠠᠶᠢᠬᠠᠨ ᠪᠦᠲᠦᠬᠡᠯ ᠪᠤᠯᠭᠠᠵᠤ ᠴᠠᠷᠳᠠᠭᠰᠠᠨ ᠪᠠᠶᠢᠯ᠎ᠠ᠃ ᠴᠠᠷᠳᠠᠬᠤ ᠠᠵᠢᠯ ᠨᠢ ᠪᠢᠴᠢᠵᠤ ᠰᠡᠶᠢᠷᠡᠬᠦᠯᠬᠦ ᠠᠴᠠ ᠪᠠᠨ ᠢᠯᠡᠬᠦᠦ ᠬᠦᠴᠢᠷ ᠪᠦᠬᠡᠳ ᠴᠠᠭ ᠢᠯᠡᠬᠦᠦ ᠬᠡᠷᠡᠭᠰᠡᠳᠡᠭ ᠭᠡᠳᠡᠭ ᠢ ᠸ᠊ · ᠲᠠᠪᠰᠢᠯᠳᠦ ᠭᠤᠸᠠᠢ ᠬᠡᠯᠡᠵᠤ ᠪᠠᠶᠢᠭᠰᠠᠨ ᠶᠤᠮ᠃ ᠲᠤᠰ ᠪᠦᠲᠦᠬᠡᠯ ᠢᠶᠠᠨ ᠵᠡᠬᠦᠨ ᠦᠵᠦᠮᠦᠴᠢᠨ ᠬᠤᠰᠢᠭᠤᠨ ᠤ ᠮᠦᠽᠸᠢ ᠳᠤ ᠭᠠᠷᠠᠭ ᠬᠢᠷᠢ ᠲᠠᠢ ᠲᠡᠯᠬᠡᠨ ᠦᠵᠡᠬᠦᠯᠦᠭᠰᠡᠨ ᠢᠶᠠᠨ ᠨᠤᠬᠤᠴᠢᠵᠤ ᠡᠯᠡᠭᠳᠡᠬᠦ ᠠᠴᠠ ᠬᠢᠴᠢᠶᠡᠵᠤ ᠬᠤᠵᠢᠮ ᠨᠢ ᠭᠡᠷ ᠲᠡᠭᠡᠨ ᠠᠪᠠᠴᠢᠭᠠᠳ ᠬᠠᠳᠠᠭᠠᠯᠠᠵᠠᠢ᠃      ᠸ᠊ · ᠲᠠᠪᠰᠢᠯᠳᠦ ᠭᠤᠸᠠᠢ ᠬᠤᠵᠢᠮ ᠢᠷᠡᠬᠡᠳᠦᠢ ᠶᠢᠨ ᠠᠵᠢᠯ ᠤᠨ ᠲᠦᠯᠦᠪᠯᠡᠭᠡ ᠪᠠᠨ ᠶᠠᠷᠢᠬᠤ ᠳᠤ᠂ ᠲᠤᠬᠠᠳᠠᠶᠢᠬᠠᠨ ᠨᠢᠭᠡ ᠭᠡᠷ ᠤᠯᠵᠤ ᠲᠦᠷᠢᠶᠡᠰᠦᠯᠡᠭᠡᠳ᠂ ᠲᠤᠰᠬᠠᠢᠢᠯᠠᠨ ᠤᠷᠠᠨ ᠪᠢᠴᠢᠯᠬᠡ ᠪᠠᠨ ᠤᠷᠤᠯᠳᠤᠵᠤ ᠰᠠᠭᠤᠶ᠎ᠠ ᠭᠡᠵᠤ ᠪᠠᠶᠢᠯ᠎ᠠ᠃ ︽ᠭᠠᠨᠭ᠍ᠭ᠎ᠠ ᠶᠢᠨ ᠤᠷᠤᠰᠬᠠᠯ︾ ᠬᠡᠮᠡᠬᠦ ᠤᠷᠠᠨ ᠪᠢᠴᠢᠯᠬᠡ ᠶᠢᠨ ᠦᠨᠡᠳᠦ ᠪᠦᠲᠦᠬᠡᠯ ᠢᠶᠠᠨ ᠪᠦᠲᠦᠭᠡᠵᠦ ᠬᠤᠵᠢᠮ ᠭᠠᠮᠠᠯᠠ ᠶᠢᠨ ᠰᠢᠯᠦᠭ᠂ ︽ᠬᠦᠬᠡ ᠰᠤᠳᠤᠷ︾ ᠵᠡᠷᠭᠡ ᠶᠢ ᠮᠤᠩᠭᠤᠯ ᠤᠷᠠᠨ ᠪᠢᠴᠢᠯᠭᠡ ᠪᠠᠷ ᠰᠡᠶᠢᠷᠡᠬᠦᠯᠵᠤ᠂ ᠨᠡᠶᠢᠳᠡ ᠲᠦᠮᠡᠨ ᠳᠡᠭᠡᠨ ᠲᠤᠯᠢᠯᠠᠭᠤᠯᠬᠤ ᠬᠦᠰᠡᠯ ᠢᠶᠠᠨ ᠰᠤᠷᠪᠤᠯᠵᠢᠯᠠᠭ᠎ᠠ ᠶᠢᠨ ᠡᠴᠦᠰ ᠲᠤ ᠶᠠᠷᠢᠭᠰᠠᠨ ᠪᠢᠯᠡ᠃
ᠨᠠᠶᠢᠷᠠᠭᠤᠯᠤᠭᠴᠢ᠄
ᠪᠣᠣ ᠮᠧᠢ ᠷᠥᠩ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号