ᠬᠦᠬᠡ ᠮᠠᠩᠬᠠᠨ ᠳᠡᠭᠷᠢ
2018-10-11 11:28:31
ᠵᠣᠬᠢᠶᠠᠭᠴᠢ᠄ 
ᠠᠯᠳᠠᠨᠵᠢᠮᠢᠰ
ᠣᠩᠰᠢᠭᠰᠠᠨ ᠣᠳᠠᠭ᠎ᠠ᠄ 
★★★☆☆
     
          ᠬᠦᠬᠡ ᠮᠠᠩᠬᠠᠨ ᠳᠡᠭᠷᠢ ᠶᠢᠨ ᠡᠬᠢ ᠠᠴᠠ ᠭᠡᠷᠡᠯ ᠤᠷᠭᠤᠵᠦ      ᠬᠦᠰᠡᠯ ᠢᠳᠡᠭᠡᠯ ᠤᠨ ᠤᠷᠬᠢᠯ ᠳᠡᠭᠡᠷ᠎ᠡ ᠰᠦᠰᠦ ᠪᠤᠴᠠᠯᠤᠨᠠᠮ      ᠬᠦᠷᠦᠨ ᠤ ᠭᠠᠳᠠᠨᠠᠬᠢ ᠳᠤᠶᠠᠭᠠᠨ ᠠᠴᠠ ᠠᠮᠢᠰᠬᠤᠭ᠎ᠠ ᠴᠢᠩᠨᠠᠵᠦ      ᠬᠦᠮᠦᠨ ᠤ ᠠᠮᠢᠳᠤᠷᠠᠯ ᠤᠨ ᠳᠤᠤᠯᠢ ᠶᠢ ᠠᠳᠠ ᠵᠢᠷᠤᠭᠯᠠᠨ᠎ᠠ      ᠬᠦᠢ ᠶᠢ ᠮᠢᠨᠢ ᠬᠠᠭᠤᠷᠠᠶᠢᠯᠠᠭᠰᠠᠨ ᠠᠯᠳᠠᠨ ᠰᠢᠷᠤᠢ ᠶᠢᠨ ᠢᠶᠠᠨ      ᠬᠦᠯᠭᠡᠨ ᠶᠡᠭᠡ ᠭᠤᠪᠢ ᠶᠢ ᠵᠢᠷᠤᠬᠡᠨ ᠳᠡᠭᠡᠨ ᠰᠢᠳᠤᠨᠡᠮ            ᠬᠦᠬᠡ ᠮᠠᠩᠬᠠᠨ ᠳᠡᠭᠷᠢ ᠶᠢᠨ ᠬᠢᠵᠠᠭᠠᠷ ᠠᠴᠠ ᠰᠠᠯᠬᠢ ᠢᠰᠬᠢᠷᠴᠦ      ᠬᠦᠯᠦᠭ ᠤᠨ ᠳᠡᠯ ᠳᠡᠭᠡᠷ᠎ᠡ ᠳᠠᠶᠢᠨ ᠤ ᠳᠤᠭᠤᠰᠤᠨ ᠢ ᠠᠷᠴᠢᠵᠦ      ᠦᠶ᠎ᠡ ᠦᠶᠡᠰᠬᠢᠨ ᠬᠤᠤᠬᠢᠬᠤ ᠳᠡᠭᠵᠢᠨ ᠴᠡᠩᠬᠡᠷ ᠠᠶᠠᠯᠭᠤᠨ ᠠᠴᠠ      ᠦᠨᠳᠦᠰᠦᠳᠡᠨ ᠶᠠᠰᠤᠳᠠᠨ ᠤ ᠮᠢᠨᠢ ᠤᠷᠳᠤ ᠶᠢᠨ ᠳᠠᠭᠤᠤ ᠬᠠᠩᠬᠢᠨᠠᠵᠦ      ᠤᠶᠢᠯᠡᠪᠦᠷᠢ ᠲᠠᠢ ᠡᠨᠡ ᠤᠷᠴᠢᠯᠠᠩ ᠤᠨ ᠭᠤᠨᠢᠭ ᠢ ᠳᠡᠭᠡᠭᠡᠳ      ᠤᠬᠠᠭᠠᠨ ᠤ ᠵᠤᠷᠢᠮᠠᠭ ᠲᠤ ᠭᠡᠷᠡᠯᠳᠤᠬᠦ ᠵᠤᠯᠠ ᠶᠢ ᠡᠷᠬᠦᠳᠡᠭ          ᠬᠦᠬᠡ ᠮᠠᠩᠬᠠᠨ ᠳᠡᠭᠷᠢ ᠶᠢᠨ ᠮᠠᠨᠳᠠᠯ ᠠᠴᠠ ᠪᠤᠷᠤᠭ᠎ᠠ ᠠᠰᠬᠠᠷᠴᠦ      ᠬᠦᠷᠦᠰᠦᠳᠦ ᠠᠯᠠᠭ ᠬᠤᠷᠸ᠎ᠠ ᠴᠡᠴᠡᠭ ᠤᠨ ᠳᠠᠪᠠᠯᠭ᠎ᠠ ᠬᠠᠶᠠᠯᠠᠨ᠎ᠠ      ᠬᠦᠷᠡᠩ ᠡᠬᠦᠯᠡᠰ ᠤᠨ ᠰᠡᠮᠡᠷᠬᠡᠢ ᠪᠠᠷ ᠨᠠᠷᠠᠨ ᠤ ᠰᠠᠴᠤᠷᠠᠭ ᠰᠠᠳᠠᠷᠠᠵᠦ      ᠬᠦᠬᠡᠷᠦᠭᠦᠨ ᠦᠷ᠎ᠡ ᠶᠢᠨ ᠮᠢᠨᠢ ᠠᠯᠳᠠᠷᠠᠶᠢᠬᠠᠨ ᠮᠦᠰᠢᠶᠡᠯ ᠮᠡᠳᠦ      ᠬᠡᠶᠢᠪᠦᠩ ᠰᠠᠷᠠᠨ ᠤ ᠢᠴᠢᠮᠡᠬᠡᠢ ᠬᠠᠷᠡᠴᠡᠨ ᠠᠴᠠ      ᠬᠡᠭᠡᠷ᠎ᠡ ᠶᠢᠨ ᠠᠮᠢᠳᠠᠳ ᠵᠤᠰᠠᠵᠦ ᠪᠠᠭᠤᠳᠠᠭ ᠤᠨ ᠳᠤᠬᠠᠢ ᠤᠴᠢᠷᠯᠠᠨ᠎ᠠ          ᠬᠦᠬᠡ ᠮᠠᠩᠬᠠᠨ ᠳᠡᠭᠷᠢ ᠶᠢᠨ ᠳᠠᠩᠨᠠᠢ ᠳᠤ ᠰᠤᠯᠤᠩᠭ᠎ᠠ ᠳᠠᠳᠠᠨ᠎ᠠ      ᠰᠦᠯᠵᠢᠯᠳᠦᠬᠦ ᠡᠬᠦᠯᠡᠨ ᠤ ᠤᠰᠤᠨ ᠵᠢᠬᠦᠷ ᠲᠤ ᠳᠡᠬᠦᠯᠢᠨ      ᠰᠦᠮᠡᠶᠢᠬᠦ ᠵᠡᠷᠭᠡᠯᠭᠡᠨ ᠤ ᠮᠦᠩᠭᠦᠨ ᠤᠷᠬᠢᠯ ᠤᠳ ᠢ ᠳᠡᠮᠳᠡᠷᠢᠵᠦ      ᠰᠦᠷᠦᠭ ᠤᠨ ᠳᠤᠭᠤᠰᠤᠨ ᠰᠢᠩᠬᠡᠬᠦ ᠰᠢᠷᠭᠠᠯ ᠪᠦᠷᠦᠢ ᠶᠢ ᠠᠨᠢᠷᠳᠠᠨ      ᠰᠠᠷᠠᠭᠤᠯ ᠨᠤᠲᠤᠭ᠂ ᠰᠦᠯᠳᠡ ᠰᠢᠳᠦᠭᠡᠨ ᠠᠯᠢᠪᠠ ᠪᠦᠬᠦᠨ ᠢ      ᠰᠦᠭ ᠰᠦᠨᠡᠰᠦᠨ ᠤ ᠭᠡᠭᠡᠨ ᠭᠡᠷᠡᠯ ᠢᠶᠠᠷ ᠬᠠᠷᠠᠩᠭᠤᠢ ᠶᠢ ᠴᠤᠭᠤᠴᠢᠨᠠᠮ          ᠬᠦᠬᠡ ᠮᠠᠩᠬᠠᠨ ᠳᠡᠭᠷᠢ ᠶᠢᠨ ᠵᠠᠢ ᠠᠴᠠ ᠰᠢᠭᠦᠳᠡᠷᠢ ᠰᠡᠮᠡᠷᠡᠵᠦ      ᠳᠡᠬᠦᠯᠳᠡᠷ ᠭᠤᠸ᠎ᠠ ᠤᠷᠴᠢᠯᠠᠩ ᠤᠨ ᠦᠵᠡᠰᠬᠦᠯᠡᠩ ᠢ ᠪᠦᠳᠦᠭᠡᠨ᠎ᠡ ᠭᠡᠮᠡᠨ      ᠳᠤᠭᠤᠨᠤᠳᠤ ᠭᠡᠷ ᠤᠨ ᠵᠠᠶᠢᠴᠠ ᠪᠠᠷ ᠨᠡᠬᠦᠳᠡᠯ ᠬᠦᠭᠯᠡᠷᠡᠵᠦ      ᠳᠤᠯᠤᠭᠠᠨ ᠪᠤᠷᠬᠠᠳ ᠤᠨ ᠤᠳᠤᠨ ᠳᠤ ᠠᠵᠠ ᠰᠢᠪᠰᠢᠨ ᠳᠠᠭᠠᠳᠬᠠᠭᠠᠳ      ᠳᠤᠮᠤᠭ ᠳᠤᠤᠯᠢ ᠶᠢᠨ ᠡᠬᠡ ᠤᠷᠤᠨ ᠳᠠᠭᠠᠨ ᠰᠦᠬᠦᠷᠡᠵᠦ      ᠳᠡᠭᠷᠢᠯᠢᠭ ᠵᠠᠶᠠᠭᠠᠨ ᠤ ᠠᠨᠳᠠᠭᠠᠢ ᠪᠠᠨ ᠳᠠᠯᠪᠢᠨᠠᠮ            ᠬᠦᠬᠡ ᠮᠠᠩᠬᠠᠨ ᠳᠡᠭᠷᠢ ᠶᠢᠨ ᠡᠯᠢᠭᠡᠨ ᠠᠴᠠ ᠴᠠᠭ ᠡᠯᠡᠭᠳᠡᠨᠡᠮ      ᠬᠦᠶᠦᠬᠦᠯ ᠪᠤᠰᠤᠭ᠎ᠠ ᠰᠦᠨᠡᠰᠦ ᠨᠦᠭᠦᠳ ᠳᠠᠯᠳᠠᠷᠢᠵᠦ ᠤᠳᠨᠠᠮ      ᠬᠡᠯᠡ ᠦᠬᠡᠢ ᠪᠢᠳᠡᠬᠦᠦ ᠤᠨᠢᠰᠤᠭ᠎ᠠ ᠪᠠᠷ ᠮᠢᠩᠭᠠᠨ ᠢ ᠲᠦᠷᠦᠭᠡᠯᠡᠬᠦᠶ᠎ᠡ      ᠬᠡᠳᠡ ᠴᠠᠬᠢᠭᠤᠷ ᠰᠢᠭ᠋ ᠤᠳᠤᠳ ᠴᠠᠬᠢᠯᠤᠨ ᠲᠦᠷᠡᠯᠵᠡᠬᠦ ᠪᠤᠯᠤᠨ᠎ᠠ      ᠠᠮᠢ ᠨᠠᠰᠤᠨ ᠤ ᠤᠶᠢᠳᠬᠠᠷ ᠪᠤᠬᠢᠨᠢᠳᠤᠯ ᠢᠶᠠᠨ ᠠᠷᠢᠯᠭᠠᠵᠦ      ᠠᠮᠤᠭᠤᠯᠠᠩ ᠤᠷᠤᠰᠢᠬᠤᠢ ᠶᠢᠨ ᠳᠡᠷᠡ ᠭᠱᠠᠨ ᠢ ᠮᠡᠳᠡᠷᠡᠬᠦᠢ᠃
ᠨᠠᠶᠢᠷᠠᠭᠤᠯᠤᠭᠴᠢ᠄
ᠠᠭᠤᠯᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号