ᠦᠭᠡᠷᠡᠴᠢᠯᠡᠯᠳᠡ ᠶᠢᠨ ᠤᠶᠠᠩᠭ᠎ᠠ ᠴᠤᠤᠷᠢᠶᠠᠳᠤᠭᠰᠠᠨ ᠲᠤᠷᠭᠠᠨ ᠨᠤᠳᠤᠭ
2018-10-12 11:17:44
ᠵᠣᠬᠢᠶᠠᠭᠴᠢ᠄ 
ᠰᠤᠪᠤᠳ ᠪᠤᠤ ᠨᠠᠷᠠᠨᠳᠤᠶᠠᠭ᠎ᠠ ᠪᠠᠶᠠᠰᠬᠤᠯᠠᠩ ᠲᠠᠳᠤᠯᠭ᠎ᠠ ᠶᠢᠨ ᠰᠤᠷᠪᠤᠯᠵᠢᠯᠠᠭᠴᠢ ᠰᠠᠷᠭᠠᠢ
ᠣᠩᠰᠢᠭᠰᠠᠨ ᠣᠳᠠᠭ᠎ᠠ᠄ 
★★★☆☆
    ᠬᠦᠪᠡᠭᠡᠳᠤ ᠰᠢᠷ᠎ᠠ ᠬᠤᠰᠢᠭᠤ — ᠪᠦᠬᠦ ᠤᠷᠤᠨ ᠤ ᠰᠢᠨ᠎ᠠ ᠮᠠᠯᠵᠢᠬᠤ ᠲᠠᠷᠢᠶᠠᠯᠬᠠᠤ ᠤᠷᠤᠨ ᠤ ᠲᠤᠷᠰᠢᠯᠳᠠ ᠶᠢᠨ ᠴᠢᠭ᠋ ᠤᠨ ᠬᠤᠰᠢᠭᠤ ᠰᠢᠶᠠᠨ ᠤ ᠨᠢᠭᠡ᠂ ᠪᠦᠬᠦ ᠤᠷᠤᠨ ᠤ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ ᠲᠠᠩᠰᠠᠯᠠᠵᠤ ᠦᠨᠡᠮᠯᠡᠯ ᠤᠯᠭᠤᠭᠰᠠᠨ ᠲᠤᠷᠰᠢᠯᠳᠠ ᠶᠢᠨ ᠴᠢᠭ᠋ ᠤᠨ ᠬᠤᠰᠢᠭᠤ ᠰᠢᠶᠠᠨ ᠤ ᠨᠢᠭᠡ ᠪᠤᠯᠤᠨ᠎ᠠ᠃ ᠬᠦᠪᠡᠭᠡᠳᠤ ᠰᠢᠷ᠎ᠠ ᠬᠤᠰᠢᠭᠤ 2014 ᠤᠨ ᠤ 5 ᠰᠠᠷ᠎ᠠ ᠳᠤ᠂ ᠪᠦᠬᠦ ᠤᠷᠤᠨ ᠤ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ ᠲᠠᠩᠰᠠᠯᠠᠵᠤ ᠦᠨᠡᠮᠯᠡᠯ ᠤᠯᠭᠤᠬᠤ ᠲᠤᠷᠰᠢᠯᠳᠠ ᠶᠢᠨ ᠴᠢᠭ᠋ ᠤᠨ 10 ᠬᠤᠰᠢᠭᠤ ᠰᠢᠶᠠᠨ ᠤ ᠨᠢᠭᠡ ᠪᠤᠯᠵᠤ᠂ ᠡᠨᠡ ᠬᠦ ᠠᠵᠢᠯ ᠢ ᠡᠬᠢᠯᠡᠭᠦᠯᠵᠡᠢ᠃ 2015 ᠤᠨ ᠤ 8 ᠰᠠᠷ᠎ᠠ ᠳᠤ᠂ ᠦᠪᠡᠷᠳᠡᠭᠡᠨ ᠵᠠᠰᠠᠬᠤ ᠤᠷᠤᠨ ᠤ ᠰᠢᠯᠭᠠᠨ ᠬᠤᠷᠢᠶᠠᠯᠳᠠ ᠶᠢ ᠦᠩᠭᠡᠷᠡᠭᠦᠯᠵᠦ᠂ ᠪᠦᠬᠦ ᠤᠯᠤᠰ ᠲᠤ ᠬᠠᠮᠤᠭ ᠤᠨ ᠲᠦᠷᠦᠭᠦᠨ ᠤ ︽ᠨᠤᠳᠤᠭ ᠪᠡᠯᠴᠢᠭᠡᠷ ᠢ ᠲᠠᠭᠠᠭᠠᠴᠢᠯᠠᠨ ᠡᠵᠡᠩᠨᠡᠬᠦ ᠡᠷᠭᠡ ᠶᠢᠨ ᠦᠨᠡᠮᠯᠡᠯ︾᠎ ᠢ ᠲᠠᠷᠬᠠᠭᠠᠵᠤ᠂ ᠤᠳᠤ ᠨᠢᠭᠡᠨᠳᠡ 5542 ᠲᠡᠪᠳᠡᠷ ᠲᠠᠷᠬᠠᠭᠠᠵᠤ᠂ ᠦᠨᠡᠮᠯᠡᠯ ᠤᠯᠭᠤᠭᠰᠠᠨ ᠨᠤᠷᠮ᠎ᠠ 97%᠎ ᠳᠤ ᠬᠦᠷᠴᠡᠢ᠃ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ ᠲᠠᠩᠰᠠᠯᠠᠵᠤ ᠦᠨᠡᠮᠯᠡᠯ ᠤᠯᠭᠤᠬᠤ ᠠᠵᠢᠯ ᠢᠶᠠᠷ ᠲᠠᠮᠵᠢᠨ᠂ ᠲᠡᠦᠭᠡᠨ ᠠᠴᠠ ᠦᠯᠡᠳᠡᠭᠳᠡᠵᠦ ᠢᠷᠡᠭᠰᠡᠨ ᠨᠤᠳᠤᠭ ᠪᠡᠯᠴᠢᠭᠡᠷ ᠤᠨ ᠵᠢᠭᠤᠷᠠᠭᠠᠨ ᠢ ᠵᠦᠢ ᠵᠤᠬᠢᠰᠳᠠᠢ ᠰᠢᠢᠳᠪᠦᠷᠢᠯᠡᠵᠦ᠂ ᠡᠵᠡᠩᠨᠡᠭᠴᠢᠳ ᠤᠨ ᠡᠷᠭᠡ ᠡᠭᠦᠷᠭᠡ ᠶᠢ ᠲᠤᠳᠤᠷᠬᠠᠢᠢᠯᠠᠨ᠂ ᠲᠤᠷᠰᠢᠯᠭ᠎ᠠ ᠬᠢᠳᠡᠯ ᠨᠢ ᠤᠷᠤᠨ ᠤ ᠲᠤᠳᠤᠨ᠎ᠠ ᠭᠠᠳᠠᠨ᠎ᠠ ᠲᠦᠭᠡᠮᠡᠯᠵᠢᠭᠦᠯᠦᠭᠳᠡᠵᠦ ᠲᠤᠯᠢ ᠪᠤᠯᠤᠭᠰᠠᠨ ᠪᠠᠶᠢᠨ᠎ᠠ᠃    ᠰᠤᠷᠪᠤᠯᠵᠢᠯᠠᠭᠴᠢ ᠡᠨᠡ ᠬᠦ ᠰᠢᠵᠢᠮ ᠢ ᠮᠦᠷᠳᠡᠵᠦ ᠲᠤᠯᠤᠳᠤᠭᠠᠷ ᠰᠠᠷ᠎ᠠ ᠶᠢᠨ ᠲᠤᠮᠳᠠᠴᠢ ᠪᠠᠷ ᠬᠦᠪᠡᠭᠡᠳᠤ ᠰᠢᠷ᠎ᠠ ᠬᠤᠰᠢᠭᠤ ᠪᠠᠷ ᠭᠦᠨᠵᠡᠭᠡᠶᠢᠷᠡᠨ᠂ ᠰᠢᠨ᠎ᠠ ᠮᠠᠯᠵᠢᠬᠤ ᠤᠷᠤᠨ ᠤ ᠦᠭᠡᠷᠡᠴᠢᠯᠡᠯᠳᠡ ᠶᠢᠨ ᠲᠤᠷᠰᠢᠯᠳᠠ ᠶᠢᠨ ᠴᠢᠭ᠋ — ᠪᠤᠭᠳᠠ ᠶᠢᠨ ᠭᠤᠤᠯ ᠰᠤᠮᠤᠨ ᠤ ᠡᠬᠢᠨ᠋ᠠᠤᠰᠤ ᠭᠠᠴᠠᠭ᠎ᠠ᠂ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ ᠲᠠᠩᠰᠠᠯᠠᠵᠤ ᠦᠨᠡᠮᠯᠡᠯ ᠤᠯᠭᠤᠭᠰᠠᠨ ᠡᠯᠡᠰᠦᠳᠡᠢ ᠭᠠᠴᠠᠭ᠎ᠠ᠂ ᠮᠠᠯ ᠰᠦᠷᠦᠭ ᠤᠨ ᠪᠦᠳᠦᠴᠡ ᠳᠡᠭᠡᠨ ᠲᠤᠬᠢᠷᠠᠭᠤᠯᠤᠯᠳᠠ ᠬᠢᠵᠦ ᠡᠭᠦᠯᠳᠡᠷ ᠤᠨ ᠬᠤᠴᠠ ᠮᠠᠯᠵᠢᠭᠰᠠᠨ ᠲᠤᠰᠬᠠᠢ ᠡᠷᠦᠭᠡ ᠰᠡᠴᠡᠨᠪᠢᠯᠢᠭ ᠤᠨ ᠬᠢ᠂ ᠬᠦᠢᠳᠡᠨ ᠬᠦᠮᠦᠷᠭᠡ ᠪᠠᠶᠢᠭᠤᠯᠵᠤ ᠤᠷᠤᠯᠭ᠎ᠠ ᠵᠠᠷᠤᠯᠭ᠎ᠠ ᠪᠠᠨ ᠲᠡᠩᠨᠡᠭᠦᠯᠦᠭᠰᠡᠨ ᠮᠠᠯᠴᠢᠨ ᠡᠷᠳᠡᠮᠳᠤ ᠶᠢᠨ ᠬᠢ ᠪᠠᠷ ᠬᠦᠷᠴᠦ ᠦᠢᠯᠡᠳᠪᠦᠷᠢᠯᠡᠯ ᠠᠮᠢᠳᠤᠷᠠᠯ ᠤᠨ ᠬᠢᠨᠢ ᠪᠠᠶᠢᠳᠠᠯ ᠢ ᠨᠢ ᠪᠡᠶᠡᠴᠢᠯᠡᠨ ᠤᠢᠢᠯᠠᠭᠠᠵᠤ ᠪᠢᠯᠡ᠃    ᠰᠢᠨ᠎ᠠ ᠮᠠᠯᠵᠢᠬᠤ ᠤᠷᠤᠨ ᠤ ᠦᠭᠡᠷᠡᠴᠢᠯᠡᠯᠳᠡ ᠶᠢᠨ ᠲᠤᠷᠰᠢᠯᠳᠠ ᠶᠢᠨ ᠴᠢᠭ᠋ ᠡᠬᠢᠨ᠋ᠠᠤᠰᠤ ᠭᠠᠴᠠᠭ᠎ᠠ    7 ᠰᠠᠷ᠎ᠠ ᠶᠢᠨ 16᠎ ᠤ ᠦᠳᠡ ᠶᠢᠨ ᠬᠤᠶᠢᠨ᠎ᠠ᠂ ᠪᠢᠳᠡ ᠬᠤᠰᠢᠭᠤᠨ ᠲᠦᠪ ᠰᠢᠨᠡᠪᠤᠯᠠᠭ ᠪᠠᠯᠭᠠᠰᠤᠨ ᠠᠴᠠ ᠬᠦᠩᠭᠡᠨ ᠮᠠᠰᠢᠨ ᠲᠠᠢ ᠪᠠᠷᠠᠭᠤᠨᠰᠢ ᠮᠤᠷᠳᠠᠵᠤ᠂ ᠬᠦᠷᠬᠦ ᠵᠠᠮ ᠳᠤ ᠲᠤᠷᠬᠤ ᠶᠠᠭᠤᠮ᠎ᠠ ᠦᠭᠡᠢ 20 ᠺᠢᠯᠤᠮᠧᠲᠷ ᠤᠨ ᠵᠠᠮ ᠢ ᠡᠪᠬᠡᠵᠦ᠂ ᠴᠠᠬᠠᠷ ᠬᠤᠨᠢᠳ ᠤᠨ ᠮᠠᠶᠢᠯᠠᠭᠠᠨ ᠲᠠᠢ᠂ ᠮᠠᠰᠢᠨ ᠲᠦᠭᠦᠭᠡᠷᠦᠮᠵᠢ ᠲᠦᠭᠦᠷᠵᠢᠭᠰᠡᠨ ᠠᠶᠢᠯ ᠤᠨ ᠭᠠᠳᠠᠭ᠎ᠠ ᠬᠦᠷᠦᠭᠰᠡᠨ ᠨᠢ ᠡᠬᠢᠨ᠋ᠠᠤᠰᠤ ᠭᠠᠴᠠᠭᠠᠨ ᠤ ᠨᠠᠮ ᠤᠨ ᠡᠭᠦᠷ ᠤᠨ ᠱᠦᠵᠢ ᠰᠡᠴᠡᠨᠪᠠᠳᠤ ᠶᠢᠨ ᠬᠢ ᠪᠠᠶᠢᠯ᠎ᠠ᠃    ᠲᠡᠳᠡᠨᠡᠶᠢᠬᠢ ᠴᠠᠬᠠᠷ ᠬᠤᠨᠢ ᠭᠤᠤᠯᠳᠠᠯᠭ᠎ᠠ ᠲᠠᠢ ᠮᠠᠯᠵᠢᠵᠤ᠂ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠨ 200 ᠰᠢᠬᠠᠮ ᠬᠤᠨᠢ᠂ 30 ᠰᠢᠬᠠᠮ ᠦᠭᠡᠷ ᠮᠠᠯᠵᠢᠵᠤ ᠪᠤᠢ᠃ ︽ᠴᠠᠬᠠᠷ ᠬᠤᠨᠢ ᠦᠭᠡᠬᠦ ᠪᠠᠭ᠎ᠠ᠂ ᠢᠳᠡᠬᠦ ᠳᠤ ᠰᠠᠶᠢᠬᠠᠨ᠂ ᠡᠭᠡ ᠬᠤᠷᠠᠭ᠎ᠠ ᠪᠠᠨ ᠡᠷᠳᠡ ᠰᠠᠯᠭᠠᠵᠤ ᠲᠠᠷᠭᠤ ᠬᠦᠴᠦ ᠶᠢ ᠨᠢ ᠪᠠᠳᠤᠯᠠᠵᠤ ᠪᠤᠢ᠃ ᠮᠠᠨᠠᠶᠢᠬᠢᠳ ᠬᠤᠨᠢ ᠪᠠᠨ ᠦᠨᠳᠦᠰᠦᠨ ᠳᠡᠭᠡᠨ ᠭᠠᠳᠠᠭᠰᠢ ᠬᠤᠳᠠᠯᠳᠤᠬᠤ ᠦᠭᠡᠢ᠂ ᠬᠤᠰᠢᠭᠤ ᠲᠤᠭᠤᠷᠢᠭ ᠤᠨ ᠬᠦᠮᠦᠰ ᠢᠷᠡᠭᠡᠳ ᠭᠡᠷ ᠲᠤ ᠴᠢᠨᠢ ᠵᠠᠷᠤᠭᠠᠳ ᠠᠪᠠᠴᠢᠨ᠎ᠠ᠂ ᠬᠤᠪᠢ ᠪᠠᠷ ᠢᠶᠠᠨ ᠨᠢᠳᠤᠯᠵᠤ ᠰᠠᠯᠭᠠᠬᠤ ᠪᠠ ᠭᠡᠳᠡᠰᠤ ᠲᠤᠳᠤᠷ ᠢ ᠨᠢ ᠠᠷᠴᠢᠵᠤ ᠴᠡᠪᠡᠷᠯᠡᠵᠦ ᠦᠭᠳᠡᠭ ᠪᠤᠯᠬᠤᠷ ᠬᠤᠨᠢ ᠪᠦᠷᠢ 1200 ᠲᠦᠭᠦᠷᠢᠭ ᠲᠤ ᠬᠦᠷᠴᠦ᠂ ᠰᠢᠭᠤᠳ ᠬᠤᠳᠠᠯᠳᠤᠬᠤ ᠠᠴᠠ 200 ᠲᠦᠭᠦᠷᠢᠭ ᠦᠨᠡᠳᠡᠢ ᠪᠠᠶᠢᠳᠠᠭ᠂ ᠨᠢᠳᠤᠨᠤᠨ ᠵᠢᠯ ᠡᠪᠤᠯ ᠤᠨ ᠢᠳᠡᠰᠢ ᠶᠢᠨ ᠦᠶ᠎ᠠ ᠪᠠᠷ 40 ᠬᠤᠨᠢ ᠪᠤᠷᠤᠯᠠᠭᠤᠯᠤᠯ᠎ᠠ︾ ᠭᠡᠵᠦ ᠰᠡᠴᠡᠨᠪᠡᠳᠤ ᠶᠢᠨ ᠶᠠᠷᠢᠬᠤ ᠪᠠᠷ ᠴᠠᠬᠠᠷᠴᠤᠳ ᠤᠨ ᠠᠵᠢᠯᠴᠢ ᠪᠤᠷᠤᠭᠵᠢᠭᠤᠨ ᠠᠮᠢᠳᠤᠷᠠᠯ ᠤᠨ ᠤᠬᠠᠭᠠᠨ ᠭᠠᠳᠠᠷᠯᠠᠭᠳᠠᠨ᠎ᠠ᠃   
            ︽ᠨᠤᠳᠤᠭ ᠪᠡᠯᠴᠢᠭᠡᠷ ᠢ ᠲᠠᠭᠠᠭᠠᠴᠢᠯᠠᠨ ᠡᠵᠡᠩᠨᠡᠬᠦ ᠡᠷᠭᠡ ᠶᠢᠨ ᠦᠨᠡᠮᠯᠡᠯ︾ ᠭᠠᠷᠳᠠᠭᠰᠠᠨ ᠮᠠᠯᠴᠢᠳ     ᠡᠬᠢᠨ᠋ᠠᠤᠰᠤ ᠭᠠᠴᠠᠭ᠎ᠠ 11.6 ᠲᠦᠮᠡᠨ ᠮᠦ ᠨᠤᠳᠤᠭ ᠪᠡᠯᠴᠢᠭᠡᠷ ᠲᠡᠭᠡᠨ ᠴᠠᠬᠠᠷ ᠬᠤᠨᠢ ᠭᠤᠤᠯᠳᠠᠯᠭ᠎ᠠ ᠲᠠᠢ ᠮᠠᠯᠵᠢᠵᠤ᠂ 2018 ᠤᠨ ᠤ ᠮᠠᠯ ᠤᠨ ᠲᠤᠭᠠᠯᠠᠯᠳᠠ ᠳᠤ ᠪᠤᠭ ᠪᠤᠳᠠ ᠮᠠᠯ ᠨᠢ 1.12 ᠲᠦᠮᠡᠨ ᠲᠤᠯᠤᠭᠠᠢ ᠳᠤ ᠬᠦᠷᠴᠦ᠂ ᠡᠭᠦᠨ ᠳᠤ 714 ᠦᠭᠡᠷ᠂ 116 ᠠᠳᠤᠭᠤ᠂ 1.1 ᠲᠦᠮᠡ ᠭᠠᠷᠤᠢ ᠬᠤᠨᠢ ᠲᠤᠭᠠᠯᠠᠭᠳᠠᠵᠠᠢ᠃ 2017 ᠤᠨ ᠤ ᠵᠢᠯ ᠤᠨ ᠡᠴᠤᠰ ᠲᠤ ᠭᠠᠴᠠᠭᠠᠨ ᠤ ᠬᠦᠮᠦᠨ ᠲᠤᠮᠳᠠᠴᠢ ᠤᠷᠤᠯᠭ᠎ᠠ 1.1 ᠲᠦᠮᠡᠨ ᠲᠦᠭᠦᠷᠢᠭ ᠲᠤ ᠬᠦᠷᠴᠦ᠂ ᠮᠠᠯᠴᠢᠳ ᠤᠨ ᠠᠮᠢᠳᠤᠷᠠᠯ ᠦᠨᠳᠦᠰᠦᠨ ᠳᠡᠭᠡᠨ ᠲᠡᠭᠰᠢ ᠪᠤᠯᠵᠠᠢ᠃    ᠰᠡᠴᠡᠨᠪᠠᠳᠤ ᠶᠢᠨ ᠡᠷᠬᠢᠴᠡᠭᠦᠯᠬᠦ ᠪᠠᠷ᠂ 1983 ᠤᠨ ᠳᠤ ᠮᠠᠯ ᠢᠶᠠᠨ ᠬᠤᠪᠢᠶᠠᠬᠤ ᠳᠤ ᠬᠦᠮᠦᠨ ᠪᠦᠷᠢ ᠳᠤ 7 ᠬᠤᠨᠢ᠂ 1.5 ᠦᠭᠡᠷ ᠨᠤᠭᠳᠠᠵᠤ᠂ 1986 ᠤᠨ ᠳᠤ ᠭᠠᠵᠠᠷ ᠨᠤᠳᠤᠭ ᠢᠶᠠᠨ ᠡᠷᠦᠭᠡ ᠳᠤ ᠨᠠᠶᠢᠳᠠᠪᠤᠷᠢᠵᠢᠭᠤᠯᠵᠤ᠂ ᠬᠦᠮᠦᠨ ᠪᠦᠷᠢ ᠳᠤ 360 ᠮᠦ ᠭᠠᠵᠠᠷ ᠨᠤᠳᠤᠭ ᠤᠨ ᠲᠡᠭᠡᠷ᠎ᠠ ᠡᠷᠦᠭᠡ ᠪᠦᠷᠢ ᠶᠢᠨ 400 ᠮᠦ ᠭᠠᠵᠠᠷ ᠨᠤᠳᠤᠭ ᠬᠤᠪᠢᠶᠠᠵᠠᠢ᠂ ᠲᠤᠬᠠᠢ ᠶᠢᠨ ᠵᠢᠯ ᠳᠤ ᠬᠠᠮᠤᠭ ᠠᠷᠪᠢᠨ ᠤᠯᠤᠭᠰᠠᠨ ᠡᠷᠦᠭᠡ ᠨᠢ 3234 ᠮᠦ ᠭᠠᠵᠠᠷ ᠨᠤᠳᠤᠭ᠂ ᠬᠠᠮᠤᠭ ᠠᠷᠪᠢᠨ ᠮᠠᠯ ᠬᠤᠪᠢᠶᠠᠭᠰᠠᠨ ᠨᠢ 80 ᠰᠢᠬᠠᠮ ᠤᠯᠵᠠᠢ᠃    1986 ᠤᠨ ᠳᠤ ᠠᠩᠬ᠎ᠠ ᠭᠠᠵᠠᠷ ᠨᠤᠳᠤᠭ ᠬᠤᠪᠢᠶᠠᠬᠤ ᠳᠤ ᠪᠦᠬᠦ ᠭᠠᠴᠠᠭ᠎ᠠ ᠪᠠᠷ ᠢᠶᠠᠨ 55 ᠡᠷᠦᠭᠡ ᠪᠠᠶᠢᠭᠰᠠᠨ ᠢᠶᠠᠨ ᠤᠳᠤ 118 ᠡᠷᠦᠭᠡ ᠶᠢᠨ 296 ᠬᠦᠮᠦᠨ ᠠᠮᠠ ᠲᠠᠢ ᠪᠤᠯᠵᠤ ᠦᠷᠭᠡᠵᠢᠵᠡᠢ᠃ ᠡᠬᠢᠨ᠋ᠠᠤᠰᠤ ᠭᠠᠴᠠᠭ᠎ᠠ ᠨᠢ ᠡᠬᠢᠨ᠋ᠠᠤᠰᠤ᠂ ᠲᠤᠮᠳᠠ ᠤᠰᠤ᠂ ᠤᠰᠤᠨ ᠲᠤᠯᠤᠭᠠᠢ᠂ ᠮᠠᠩᠬ᠎ᠠ᠂ ᠬᠤᠶᠢᠳᠤ ᠮᠠᠩᠬ᠎ᠠ᠂ ᠲᠠᠯ᠎ᠠ ᠶᠢᠨ ᠤᠰᠤ᠂ ᠴᠠᠶᠢᠳᠠᠮ᠂ ᠡᠮᠦᠨ᠎ᠠ ᠢᠩᠳᠤ᠂ ᠬᠤᠶᠢᠨ᠎ᠠ ᠢᠩᠳᠤ ᠬᠡᠮᠡᠬᠦ 9 ᠬᠤᠳᠠ ᠲᠤᠭᠤᠢᠢᠯᠠᠩ ᠲᠠᠢ᠃ 1996 ᠤᠨ ᠳᠤ ᠭᠠᠴᠠᠭᠠᠨ ᠳᠠᠭᠠᠨ ᠴᠠᠬᠢᠯᠭᠠᠨ ᠤᠷᠤᠭᠤᠯᠵᠤ᠂ 2007 ᠤᠨ ᠳᠤ ᠰᠢᠨ᠎ᠠ ᠮᠠᠯᠵᠢᠬᠤ ᠲᠠᠷᠢᠶᠠᠯᠠᠬᠤ ᠤᠷᠤᠨ ᠤ ᠲᠤᠷᠰᠢᠯᠳᠠ ᠶᠢᠨ ᠴᠢᠭ᠋ ᠪᠤᠯᠤᠭᠰᠠᠨ ᠤ ᠲᠠᠷᠠᠭ᠎ᠠ᠂ ᠭᠠᠴᠠᠭᠠᠨ ᠳᠠᠭᠠᠨ 200 ᠮᠦ ᠶᠢᠨ ᠤᠰᠤᠯᠠᠯᠳᠠ ᠶᠢᠨ ᠲᠠᠷᠢᠶ᠎ᠠ ᠭᠠᠷᠭᠠᠵᠤ᠂ 2008 ᠤᠨ ᠳᠤ ︽ᠨᠢᠭᠡ ᠶᠠᠪᠤᠳᠠᠯ ᠢ ᠨᠢᠭᠡ ᠵᠦᠪᠯᠡᠬᠦ︾᠎ ᠪᠠᠷ ᠲᠠᠮᠵᠢᠨ ᠡᠷᠦᠭᠡ ᠪᠦᠷᠢ ᠳᠤ ᠲᠦᠭᠡᠭᠡᠯ ᠤᠰᠤ ᠤᠷᠤᠭᠤᠯᠵᠤ᠂ ᠵᠠᠮ᠂ ᠲᠦᠭᠡᠭᠡᠯ ᠤᠰᠤ ᠨᠡᠶᠢᠯᠡᠭᠡᠳ 92 ᠲᠦᠮᠡᠨ ᠲᠦᠭᠦᠷᠢᠭ ᠵᠠᠷᠤᠴᠠᠭᠤᠯᠵᠤ᠂ ᠤᠳᠤ ᠪᠦᠬᠦ ᠭᠠᠴᠠᠭ᠎ᠠ ᠪᠠᠷ ᠢᠶᠠᠨ 11.8 ᠺᠢᠯᠤᠮᠧᠲᠷ ᠱᠦᠢᠨᠢ ᠵᠠᠮ ᠲᠠᠢ ᠪᠤᠯᠤᠭᠰᠠᠨ ᠪᠠᠶᠢᠨ᠎ᠠ᠃
 
            ᠬᠦᠪᠡᠭᠡᠳᠤ ᠰᠢᠷ᠎ᠠ ᠬᠤᠰᠢᠭᠤᠨ ᠤ ᠦᠩᠭᠡ ᠦᠵᠡᠮᠵᠢ    ᠠᠩᠬᠠᠳᠠᠭᠴᠢ ᠡᠭᠡᠯᠵᠢ ᠶᠢᠨ ᠨᠤᠳᠤᠭ ᠪᠡᠯᠴᠢᠭᠡᠷ ᠤᠨ ᠠᠮᠢ ᠠᠬᠤᠢ ᠶᠢ ᠬᠠᠮᠠᠭᠠᠯᠠᠬᠤ ᠨᠦᠬᠦᠪᠦᠷᠢ ᠪᠠ ᠱᠠᠩᠨᠠᠯ ᠤᠨ ᠲᠦᠷᠦ ᠶᠢᠨ ᠪᠤᠳᠤᠯᠭ᠎ᠠ ᠶᠢ ᠬᠡᠷᠡᠭᠵᠢᠭᠦᠯᠵᠦ ᠪᠠᠶᠢᠭᠰᠠᠨ ᠲᠦᠷᠦᠭᠦᠦ ᠲᠠᠪᠤᠨ ᠵᠢᠯ ᠳᠤ ︵2011 — 2015 ᠤᠨ ᠪᠤᠯᠳᠠᠯ᠎ᠠ︶ ᠪᠦᠬᠦ ᠭᠠᠴᠠᠭ᠎ᠠ ᠪᠠᠷ ᠢᠶᠠᠨ ᠪᠦᠬᠦ ᠵᠢᠯ ᠢᠶᠠᠷ ᠪᠡᠯᠴᠢᠭᠡᠷᠯᠡᠭᠦᠯᠬᠦ ᠶᠢ ᠵᠤᠭᠰᠤᠭᠠᠬᠤ ᠬᠦᠷᠢᠶ᠎ᠠ ᠬᠡᠪᠴᠢᠶᠡᠨ ᠳᠤ ᠤᠷᠤᠵᠤ᠂ ᠨᠤᠳᠤᠭ ᠪᠡᠯᠴᠢᠭᠡᠷ ᠤᠨ ᠨᠦᠬᠦᠪᠦᠷᠢ ᠠᠴᠠ ᠭᠠᠳᠠᠨ᠎ᠠ᠂ ᠡᠳᠡᠭᠡᠷ ᠡᠷᠦᠭᠡ ᠠᠴᠠ ᠤᠶᠤᠳᠠᠨ ᠰᠢᠯᠭᠠᠷᠠᠪᠠᠯ᠂ ᠤᠶᠤᠳᠠᠨ ᠪᠤᠯᠭᠠᠨ ᠳᠤ ᠵᠢᠯ ᠤᠨ 8000 ᠲᠦᠭᠦᠷᠢᠭ ᠤᠨ ᠨᠦᠬᠦᠪᠦᠷᠢ ᠦᠭᠴᠦ᠂ 60 ᠨᠠᠰᠤᠨ ᠠᠴᠠ ᠲᠡᠭᠡᠭᠰᠢ ᠨᠠᠰᠤᠳᠠᠨ ᠳᠤᠨᠢ ᠵᠢᠯ ᠤᠨ 3000 ᠲᠦᠭᠦᠷᠢᠭ ᠤᠨ ᠨᠦᠬᠦᠪᠦᠷᠢ ᠦᠭᠴᠦ ᠪᠠᠶᠢᠯ᠎ᠠ᠃ 2016 ᠤᠨ ᠠᠴᠠ ᠡᠬᠢᠯᠡᠭᠰᠡᠨ ᠬᠤᠶᠠᠳᠤᠭᠠᠷ ᠡᠭᠡᠯᠵᠢ ᠶᠢᠨ ᠨᠤᠳᠤᠭ ᠪᠡᠯᠴᠢᠭᠡᠷ ᠤᠨ ᠠᠮᠢ ᠠᠬᠤᠢ ᠶᠢ ᠬᠠᠮᠠᠭᠠᠯᠠᠬᠤ ᠨᠦᠬᠦᠪᠦᠷᠢ ᠪᠠ ᠱᠠᠩᠨᠠᠯ ᠤᠨ ᠲᠦᠷᠦ ᠶᠢᠨ ᠪᠤᠳᠤᠯᠭ᠎ᠠ ᠶᠢᠨ ᠬᠤᠭᠤᠴᠠᠭᠠᠨ ᠳᠤ᠂ ᠪᠦᠬᠦ ᠭᠠᠴᠠᠭᠠᠨ ᠠᠴᠠ 2 ᠡᠷᠦᠭᠡ ᠨᠢ ᠪᠦᠬᠦ ᠵᠢᠯ ᠢᠶᠠᠷ ᠪᠡᠯᠴᠢᠭᠡᠷᠯᠡᠭᠦᠯᠬᠦ ᠶᠢ ᠵᠤᠭᠰᠤᠭᠠᠬᠤ ᠬᠦᠷᠢᠶ᠎ᠠ ᠬᠡᠪᠴᠢᠶᠡᠨ ᠳᠤ ᠤᠷᠤᠵᠤ᠂ ᠪᠤᠰᠤᠳ ᠨᠢ ᠱᠠᠳᠤᠴᠢ ᠴᠢᠨᠠᠷᠳᠠᠢ ᠪᠡᠯᠴᠢᠭᠡᠷ ᠠᠮᠠᠷᠠᠭᠤᠯᠬᠤ ᠬᠦᠷᠢᠶ᠎ᠠ ᠬᠡᠪᠴᠢᠶᠡᠨ ᠳᠤ ᠤᠷᠤᠵᠠᠢ᠃ ︽ᠤᠳᠤ ᠪᠡᠯᠴᠢᠭᠡᠷ ᠬᠠᠳᠤᠯᠠᠩ ᠢᠯᠡᠷᠭᠡᠢ ᠰᠠᠶᠢᠵᠢᠷᠠᠵᠤ᠂ ᠬᠤᠷ᠎ᠠ ᠪᠤᠷᠤᠭᠠᠨ ᠲᠡᠭᠰᠢ ᠵᠢᠯ ᠳᠤ ᠡᠪᠡᠰᠤ ᠬᠠᠳᠤᠯᠠᠩ ᠢᠶᠠᠨ ᠦᠪᠡᠰᠦᠪᠡᠨ ᠬᠠᠩᠭᠠᠴᠢᠬᠠᠨ᠎ᠠ᠂ ᠤᠢᠢᠷ᠎ᠠ ᠶᠢᠨ ᠵᠢᠯ ᠤᠳ ᠲᠤ ᠮᠠᠯᠴᠢᠳ ᠤᠨ ᠦᠵᠡᠯᠳᠠ ᠪᠤᠳᠤᠯ ᠳᠤ ᠬᠤᠪᠢᠷᠠᠯᠳᠠ ᠭᠠᠷᠴᠤ᠂ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠵᠤ᠂ ᠦᠨᠳᠦᠷ ᠦᠷ᠎ᠠ ᠠᠰᠢᠭᠳᠠᠢ ᠮᠠᠯ ᠮᠠᠯᠵᠢᠬᠤ ᠶᠢ ᠰᠦᠪᠡᠭᠴᠢᠯᠡᠬᠦ ᠪᠤᠯᠵᠠᠢ︾ ᠭᠡᠵᠦ ᠰᠡᠴᠡᠨᠪᠠᠳᠤ ᠱᠦᠵᠢ ᠶᠠᠷᠢᠨ᠎ᠠ᠃    ᠬᠡᠮᠵᠢᠶᠡᠳᠡᠢ ᠨᠤᠳᠤᠭ ᠢᠶᠠᠨ ᠵᠦᠢ ᠵᠤᠬᠢᠰᠳᠠᠢ ᠠᠰᠢᠠᠠᠯᠠᠵᠤ᠂ ᠦᠷᠳᠡᠭ ᠪᠦᠳᠦᠭᠡᠨ᠎ᠠ ᠭᠡᠭᠴᠢ ᠮᠠᠯᠴᠢᠨ ᠬᠦᠮᠦᠨ ᠤ ᠤᠬᠠᠭᠠᠨ ᠰᠢᠯᠭᠠᠬᠤ ᠠᠵᠤ ᠪᠢᠯᠡ︕ ᠡᠬᠢᠨ᠋ᠠᠤᠰᠤ ᠭᠠᠴᠠᠭ᠎ᠠ᠂ ᠭᠠᠴᠠᠭᠠᠨ ᠳᠠᠭᠠᠨ ︽ᠠᠯᠳᠠᠷᠠᠯ︾ ᠬᠤᠷᠰᠢᠶ᠎ᠠ ᠶᠢ ᠪᠠᠶᠢᠭᠤᠯᠵᠤ᠂ ᠦᠭᠡᠷ ᠬᠤᠨᠢ ᠵᠠᠷᠤᠬᠤ᠂ ᠬᠤᠷᠠᠭ᠎ᠠ ᠪᠤᠷᠳᠤᠵᠤ ᠲᠠᠷᠭᠤᠯᠠᠭᠤᠯᠤᠨ ᠬᠤᠳᠠᠯᠳᠤᠬᠤ ᠵᠡᠷᠭᠡ ᠳᠤ ᠭᠤᠤᠯ ᠦᠢᠯᠡᠴᠢᠯᠡᠭᠦᠯᠵᠦ ᠪᠠᠶᠢᠭᠰᠠᠨ ᠪᠤᠯ 2016 ᠤᠨ ᠠᠴᠠ ᠡᠬᠢᠯᠡᠨ᠂ ︽ᠨᠢᠭᠡ ᠶᠠᠪᠤᠳᠠᠯ ᠢ ᠨᠢᠭᠡ ᠵᠦᠪᠯᠡᠬᠦ︾ ᠭᠤᠷᠪᠠᠨ ᠵᠢᠯ ᠤᠨ ᠲᠦᠷᠦᠯ ᠵᠦᠢᠯ ᠢᠶᠠᠷ ᠲᠠᠮᠵᠢᠨ ᠲᠡᠵᠢᠭᠡᠯ ᠪᠤᠷᠳᠤᠭ᠎ᠠ ᠪᠤᠯᠪᠠᠰᠤᠷᠠᠭᠤᠯᠬᠤ ᠦᠢᠯᠡᠳᠪᠦᠷᠢ ᠭᠠᠷᠭᠠᠬᠤ ᠪᠠᠷ ᠡᠬᠢᠯᠡᠯᠳᠡ ᠶᠢᠨ ᠬᠤᠭᠤᠴᠠᠭᠠᠨ ᠳᠠᠭᠠᠨ ᠪᠤᠢ᠃ ︽ᠭᠠᠴᠠᠭᠠᠨ ᠤ ᠬᠢ ᠪᠠᠨ ᠨᠤᠭᠤᠭᠠᠨᠪᠤᠯᠠᠭ ᠢᠶᠠᠨ ᠲᠠᠭᠠᠵᠤ 2000 ᠮᠦ ᠪᠤᠷᠭᠠᠰᠤ ᠲᠠᠷᠢᠵᠤ᠂ ᠬᠠᠩᠰᠢ ᠠᠴᠠ ᠨᠠᠭᠠᠰᠢ 10 ᠭᠠᠷᠤᠢ ᠲᠦᠮᠡᠨ ᠵᠢᠩ ᠪᠤᠷᠭᠠᠰᠤ ᠬᠠᠳᠤᠵᠤ᠂ ᠡᠳ᠋ᠰᠢᠭᠦᠯᠦᠨ ᠪᠤᠯᠪᠠᠰᠤᠷᠠᠭᠤᠯᠬᠤ ᠪᠠᠷ ᠪᠡᠯᠡᠭᠡᠨ ᠪᠤᠯᠵᠠᠢ᠃ ᠭᠤᠤᠯ ᠤᠰᠤ ᠪᠠᠨ ᠬᠤᠪᠢᠶᠠᠭᠰᠠᠨ ᠦᠭᠡᠢ ᠪᠤᠯᠬᠤᠷ ᠭᠤᠤ ᠳᠤ ᠤᠷᠭᠤᠭᠰᠠᠨ ᠪᠤᠷᠭᠠᠰᠤ ᠪᠠᠷ ᠡᠪᠡᠰᠤ ᠶᠢ ᠤᠷᠤᠯᠠᠭᠤᠯᠪᠠᠯ ᠵᠤᠬᠢᠬᠤ ᠵᠠᠷᠤᠳᠠᠯ ᠠᠷᠪᠢᠯᠠᠴᠢᠬᠠᠨ᠎ᠠ᠂ ᠲᠡᠵᠢᠭᠡᠯ ᠪᠤᠷᠳᠤᠭ᠎ᠠ ᠪᠤᠯᠪᠠᠰᠤᠷᠠᠭᠤᠯᠬᠤ ᠦᠢᠯᠡᠳᠪᠦᠷᠢ ᠪᠠᠨ ᠡᠨᠡ ᠬᠦ ᠵᠤᠷᠢᠯᠭ᠎ᠠ ᠠᠴᠠ ᠪᠠᠶᠢᠭᠤᠯᠵᠤ ᠪᠤᠢ︾ ᠭᠡᠵᠦ ᠰᠡᠴᠡᠨᠪᠠᠳᠤ ᠱᠦᠵᠢ ᠲᠠᠨᠢᠯᠴᠠᠭᠤᠯᠤᠨ᠎ᠠ᠃    ᠡᠬᠢᠨ᠋ᠠᠤᠰᠤ ᠭᠠᠴᠠᠭᠠᠨ ᠳᠤ ᠡᠭᠦᠯᠳᠡᠷ ᠤᠨ ᠬᠤᠴᠠ ᠮᠠᠯᠵᠢᠵᠤ ᠪᠠᠶᠢᠭ᠎ᠠ᠂ ᠬᠦᠢᠳᠡᠨ ᠬᠦᠮᠦᠷᠭᠡ ᠲᠠᠢ᠂ ᠰᠤᠷ ᠡᠳ᠋ᠯᠡᠯ ᠤᠷᠤᠯᠳᠤᠳᠠᠭ᠂ ᠲᠠᠷᠢᠮᠠᠯ ᠡᠷᠬᠢᠯᠡᠵᠦ ᠪᠠᠶᠢᠭ᠎ᠠ᠂ ᠬᠤᠰᠢᠭᠤ ᠲᠤᠭᠤᠷᠢᠭ ᠲᠡᠭᠡᠷ᠎ᠠ ᠮᠤᠩᠭᠤᠯ ᠤᠶᠤᠳᠠᠯ ᠤᠨ ᠭᠠᠵᠠᠷ ᠡᠷᠬᠢᠯᠡᠳᠡᠭ᠂ ᠮᠠᠨᠳᠠᠦ ᠪᠤᠭᠤᠷᠰᠤᠭ ᠬᠢᠳᠡᠭ ᠭᠡᠬᠦ ᠮᠡᠳᠦᠴᠢᠯᠡᠨ ᠤᠯᠠᠨ ᠡᠷᠦᠭᠡ ᠪᠠᠶᠢᠵᠤ᠂ ᠤᠯᠠᠮᠵᠢᠯᠠᠯᠳᠤ ᠮᠠᠯ ᠠᠵᠤ ᠠᠬᠤᠢ ᠪᠠᠨ ᠬᠦᠭᠵᠢᠭᠦᠯᠦᠭᠰᠡᠨ ᠰᠠᠭᠤᠷᠢᠨ ᠲᠡᠭᠡᠷ᠎ᠠ ᠤᠷᠤᠯᠭ᠎ᠠ ᠨᠡᠮᠡᠭᠳᠡᠯ ᠤᠨ ᠰᠢᠨ᠎ᠠ ᠴᠡᠭ ᠢ ᠬᠠᠶᠢᠨ᠎ᠠ᠃ ᠤᠳᠤ ᠪᠦᠬᠦ ᠭᠠᠴᠠᠭᠠᠨ ᠳᠤ ᠡᠪᠡᠳᠴᠢᠨ ᠵᠤᠪᠠᠯᠠᠩ ᠪᠤᠶᠤ ᠨᠠᠰᠤ ᠠᠬᠠᠰᠢᠷᠠᠭᠰᠠᠨ ᠠᠴᠠ ᠪᠤᠯᠵᠤ ᠶᠠᠳᠠᠭᠤᠷᠠᠭᠰᠠᠨ ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠳᠡᠢ ᠡᠷᠦᠭᠡ 7 ᠪᠠᠶᠢᠵᠤ᠂ ᠤᠨᠳᠤᠤ ᠭᠠᠵᠠᠷ ᠲᠤ ᠨᠡᠭᠦᠯᠭᠡᠨ ᠰᠢᠯᠵᠢᠭᠦᠯᠬᠦ ᠪᠠᠷ ᠲᠠᠮᠵᠢᠨ 3 ᠡᠷᠦᠭᠡ ᠶᠢ ᠨᠢ ᠬᠤᠰᠢᠭᠤᠨ ᠳᠤ ᠠᠰᠠᠷ ᠲᠤ ᠲᠦᠪᠬᠢᠨᠡᠭᠦᠯᠵᠦ᠂ ᠭᠤᠷᠪᠠᠳᠤᠭᠠᠷ ᠠᠵᠤ ᠦᠢᠯᠡᠰ ᠡᠷᠬᠢᠯᠡᠭᠦᠯᠦᠨ᠂ ᠪᠤᠰᠤᠳ 4 ᠡᠷᠦᠭᠡ ᠶᠢᠨ ᠭᠡᠷ ᠪᠠᠶᠢᠰᠢᠩ ᠢ ᠨᠢ ᠰᠢᠨᠡᠳᠭᠡᠨ ᠦᠭᠴᠦ᠂ ᠮᠠᠯ ᠬᠤᠪᠢᠶᠠᠨ ᠦᠭᠴᠦ ᠶᠠᠳᠠᠭᠤ ᠠᠴᠠ ᠠᠩᠭᠢᠵᠢᠷᠠᠭᠤᠯᠬᠤ ᠪᠠᠷ ᠬᠦᠴᠦᠯᠡᠵᠦ ᠪᠠᠶᠢᠭ᠎ᠠ ᠶᠢ ᠰᠤᠷᠪᠤᠯᠵᠢᠯᠠᠭ᠎ᠠ ᠶᠢᠨ ᠲᠤᠮᠳᠠ ᠤᠢᠢᠯᠠᠭᠠᠵᠠᠢ᠃    ︽ᠮᠠᠨ ᠤ ᠭᠠᠴᠠᠭᠠᠨ ᠠᠴᠠ ᠵᠢᠷᠠᠭᠠᠳ ᠤᠶᠤᠳᠠᠨ ᠴᠤᠯᠭᠤᠷᠠᠵᠤ᠂ ᠶᠡᠷᠡᠭᠡᠳ ᠤᠨ ᠠᠴᠠ ᠬᠤᠶᠢᠰᠢ ᠲᠦᠷᠦᠭᠰᠡᠳ ᠪᠦᠷ ᠶᠡᠭᠡ ᠰᠤᠷᠭᠠᠭᠤᠯᠢ ᠶᠢᠨ ᠵᠠᠮ ᠢ ᠬᠦᠭᠡᠭᠡᠵᠦ ᠪᠤᠢ᠃ ᠶᠠᠳᠠᠭᠤ ᠬᠦᠴᠢᠷᠳᠡᠯᠳᠡᠢ ᠡᠷᠦᠭᠡ ᠶᠢᠨ ᠬᠡᠦᠭᠡᠳ ᠶᠡᠭᠡ ᠰᠤᠷᠭᠠᠭᠤᠯᠢ ᠳᠤ ᠰᠢᠯᠭᠠᠭᠤᠯᠤᠨ ᠤᠷᠤᠪᠠᠯ ᠨᠠᠭᠠᠳᠤ ᠵᠠᠬ᠎ᠠ ᠶᠢᠨ ᠪᠠᠳᠤᠯᠠᠪᠤᠷᠢ ᠶᠢᠨ ᠮᠦᠩᠭᠦ ᠬᠦᠷᠳᠡᠵᠦ᠂ ᠲᠤᠰᠬᠠᠢ ᠮᠡᠷᠭᠡᠵᠢᠯ ᠤᠨ ᠠᠩᠭᠢ ᠳᠤ ᠤᠷᠤᠪᠠᠯ ᠨᠢᠭᠡᠯᠡ ᠤᠳᠠᠭ᠎ᠠ ᠳᠤ 3 ᠲᠦᠮᠡᠨ ᠲᠦᠭᠦᠷᠢᠭ᠂ ᠵᠢᠩᠭᠢᠨᠢ ᠠᠩᠭᠢ ᠳᠤ ᠤᠷᠤᠪᠠᠯ 4 ᠲᠦᠮᠡᠨ ᠲᠦᠭᠦᠷᠢᠭ ᠤᠨ ᠨᠦᠬᠦᠪᠦᠷᠢ ᠦᠭᠳᠡᠭ︾ ᠭᠡᠵᠦ ᠰᠡᠴᠡᠨᠪᠡᠳᠤ ᠱᠦᠵᠢ ᠶᠢᠨ ᠶᠠᠷᠢᠬᠤ ᠪᠠᠷ ᠪᠦᠬᠦ ᠤᠷᠤᠨ ᠤ ᠪᠤᠯᠪᠠᠰᠤᠨ ᠲᠤᠰᠬᠤᠨ ᠪᠠᠯᠭᠠᠰᠤ — ᠡᠬᠢᠨ᠋ᠠᠤᠰᠤ ᠭᠠᠴᠠᠭᠠᠨ ᠤ ᠬᠦᠭᠵᠢᠯᠳᠡ ᠶᠢᠨ ᠲᠠᠯᠳᠠ ᠬᠦᠴᠦᠨ᠂ ᠲᠠᠷᠳᠠᠩ ᠬᠠᠷᠭᠤᠢ ᠤᠯᠠᠮ ᠲᠤᠷᠠᠶᠢᠬᠤ ᠰᠢᠭ᠋ ᠪᠤᠯᠤᠨ᠎ᠠ᠃        ᠮᠠᠯ ᠰᠦᠷᠦᠭ ᠤᠨ ᠪᠦᠳᠦᠴᠡ ᠳᠡᠭᠡᠨ ᠲᠤᠬᠢᠷᠠᠭᠤᠯᠤᠯᠳᠠ ᠬᠢᠵᠦ ᠠᠰᠢᠭ ᠬᠦᠷᠳᠡᠭᠰᠡᠨ ᠮᠠᠯᠴᠢᠳ    ᠡᠷᠳᠡᠮᠳᠤ ᠶᠢᠨ ᠬᠢ ᠡᠬᠢᠨ᠋ᠠᠤᠰᠤ ᠭᠠᠴᠠᠭ᠎ᠠ ᠶᠢᠨ ᠡᠮᠦᠨ᠎ᠠ ᠨᠠᠩᠭᠢᠳᠤ ᠲᠤᠭᠤᠢᠢᠯᠠᠩ ᠳᠤ ᠰᠠᠭᠤᠷᠢᠰᠢᠵᠤ᠂ ᠴᠠᠬᠠᠷ ᠬᠤᠨᠢ ᠭᠤᠤᠯᠳᠠᠯᠭ᠎ᠠ ᠲᠠᠢ ᠮᠠᠯᠵᠢᠵᠤ᠂ ᠬᠦᠢᠳᠡᠨ ᠬᠦᠮᠦᠷᠭᠡ ᠪᠠᠶᠢᠭᠤᠯᠤᠭᠠᠳ᠂ ᠮᠠᠯ ᠤᠨ ᠦᠨ᠎ᠠ ᠬᠠᠩᠰᠢ ᠪᠠᠭᠤᠷᠠᠭᠰᠠᠨ ᠵᠢᠯ ᠤᠳ ᠲᠤ ᠠᠰᠢᠭ ᠤᠷᠤᠯᠭ᠎ᠠ ᠪᠠᠨ ᠪᠠᠳᠤᠯᠠᠭᠰᠠᠨ ᠡᠷᠦᠭᠡ᠃    ᠡᠷᠳᠡᠮᠳᠤ ᠶᠢᠨ ᠬᠢ ᠬᠤᠪᠢᠨ ᠤ 2000 ᠭᠠᠷᠤᠢ ᠮᠦ ᠨᠤᠳᠤᠭ ᠪᠡᠯᠴᠢᠭᠡᠷ ᠤᠨ ᠢᠶᠠᠨ ᠲᠡᠭᠡᠷ᠎ᠠ ᠪᠤᠰᠤᠳ ᠠᠴᠠ ᠨᠤᠳᠤᠭ ᠪᠡᠯᠴᠢᠭᠡᠷ ᠲᠦᠷᠢᠶᠡᠰᠦᠯᠡᠵᠦ᠂ 200 ᠰᠢᠬᠠᠮ ᠴᠠᠬᠠᠷ ᠬᠤᠨᠢ ᠮᠠᠯᠵᠢᠵᠤ ᠪᠤᠢ᠃ ︽2016 ᠤᠨ ᠳᠤ 2 ᠲᠦᠮᠡᠨ ᠲᠦᠭᠦᠷᠢᠭ ᠵᠠᠷᠤᠴᠠᠭᠤᠯᠵᠤ᠂ ᠨᠢᠭᠡᠯᠡ ᠤᠳᠠᠭ᠎ᠠ ᠳᠤ 150 ᠬᠤᠨᠢ ᠬᠦᠯᠳᠡᠭᠡᠵᠦ ᠲᠡᠶᠢᠯᠬᠦ ᠬᠦᠢᠳᠡᠨ ᠬᠦᠮᠦᠷᠭᠡ ᠪᠠᠶᠢᠭᠤᠯᠤᠭᠰᠠᠨ ᠢᠶᠠᠷ ᠪᠤᠰᠤᠳ ᠠᠶᠢᠯ ᠤᠨ ᠬᠢ ᠬᠤᠰᠢᠭᠤᠨ ᠤ ᠬᠦᠢᠳᠡᠨ ᠬᠦᠮᠦᠷᠭᠡ ᠳᠤ ᠨᠢᠭᠡ ᠬᠤᠨᠢ ᠶᠢ 800 ᠲᠦᠭᠦᠷᠢᠭ ᠢᠶᠠᠷ ᠦᠭᠬᠦ ᠳᠤ ᠮᠠᠨᠠᠶᠢᠬᠢ 1000 ᠲᠦᠭᠦᠷᠢᠭ ᠲᠤ ᠬᠦᠷᠭᠡᠭᠰᠡᠨ ᠪᠠᠶᠢᠨ᠎ᠠ᠃ ᠡᠨᠡ ᠵᠢᠯ ᠲᠦᠷᠢᠶᠡᠰᠦᠯᠡᠭᠰᠡᠨ ᠨᠤᠳᠤᠭ ᠤᠨ ᠬᠤᠭᠤᠴᠠᠭ᠎ᠠ ᠨᠢ ᠲᠤᠯᠤᠭᠰᠠᠨ ᠪᠤᠯᠬᠤᠷ ᠲᠠᠷᠠᠭᠠᠴᠢ ᠪᠠᠷ ᠴᠠᠬᠠᠷ ᠬᠤᠨᠢ᠂ ᠦᠭᠡᠷ ᠲᠠᠢ ᠬᠠᠮᠳᠤ ᠴᠢᠨᠠᠷᠯᠢᠭ ᠮᠠᠯᠵᠢᠬᠤ ᠪᠤᠳᠤᠯ ᠲᠠᠢ︾ ᠭᠡᠵᠦ ᠡᠷᠳᠡᠮᠳᠤ ᠶᠢᠨ ᠭᠡᠷᠭᠡᠢ ᠲᠤᠭᠤᠰ ᠴᠠᠢ ᠤᠰᠤ ᠤᠢᠢᠷᠠᠳᠤᠭᠤᠯᠬᠤ ᠵᠠᠭᠤᠷ᠎ᠠ ᠶᠠᠷᠢᠨ᠎ᠠ᠃    — ᠴᠠᠬᠠᠷ ᠬᠤᠨᠢᠨ ᠤ ᠨᠤᠤᠰᠤᠨ ᠤ ᠭᠠᠷᠤᠴᠠ ᠰᠠᠶᠢᠨ᠂ ᠨᠤᠳᠤᠭ ᠤᠨ ᠬᠤᠨᠢᠨ ᠠᠴᠠ ᠬᠠᠮᠤᠭ ᠤᠨ ᠠᠷᠪᠢᠨ ᠳᠠᠭᠠᠨ 3 ᠵᠢᠩ ᠨᠤᠤᠰᠤ ᠭᠠᠷᠳᠠᠭ ᠪᠤᠯ ᠪᠢᠳᠡ ᠴᠠᠬᠠᠷ ᠬᠤᠨᠢ ᠪᠦᠷᠢ ᠠᠴᠠ ᠪᠠᠨ 6 — 7 ᠵᠢᠩ ᠨᠤᠤᠰᠤ ᠠᠪᠴᠠᠢ᠂ ᠡᠨᠡ ᠵᠢᠯ ᠨᠤᠤᠰᠤᠨ ᠤ ᠦᠨ᠎ᠠ ᠰᠠᠶᠢᠨ᠂ ᠨᠠᠷᠢᠨ ᠨᠤᠤᠰᠤ ᠨᠢ ᠵᠢᠩ ᠳᠡᠭᠡᠨ 15 — 16 ᠲᠦᠭᠦᠷᠢᠭ᠂ ᠡᠩ ᠤᠨ ᠨᠤᠤᠰᠤ ᠨᠢ 7 — 8 ᠲᠦᠭᠦᠷᠢᠭ ᠲᠤ ᠬᠦᠷᠴᠡᠢ᠃ ᠡᠨᠡ ᠵᠢᠯ ᠤᠨ ᠲᠦᠷᠪᠡᠳᠦᠭᠡᠷ ᠰᠠᠷ᠎ᠠ ᠶᠢᠨ ᠦᠶ᠎ᠠ ᠪᠠᠷ 100 ᠭᠠᠷᠤᠢ ᠡᠪᠦᠯ ᠤᠨ ᠲᠦᠯ ᠬᠤᠳᠠᠯᠳᠤᠵᠤ᠂ ᠬᠤᠷᠠᠭ᠎ᠠ ᠪᠦᠷᠢ ᠶᠢ 740 ᠲᠦᠭᠦᠷᠢᠭ ᠲᠤ ᠬᠦᠷᠭᠡᠯ᠎ᠠ᠂ ᠡᠪᠡᠰᠤ ᠪᠤᠷᠳᠤᠭ᠎ᠠ ᠶᠢᠨ ᠢᠶᠠᠨ ᠵᠠᠷᠤᠳᠠᠯ ᠢ ᠬᠠᠰᠤᠪᠠᠯ ᠬᠠᠭᠠᠰ ᠨᠢ ᠴᠡᠪᠡᠷ ᠤᠷᠤᠯᠭ᠎ᠠ ᠶᠤᠮ ᠭᠡᠵᠦ ᠬᠠᠵᠠᠭᠤ ᠳᠤ ᠰᠠᠭᠤᠭᠰᠠᠨ ᠡᠷᠳᠡᠮᠳᠦ ᠶᠢᠨ ᠡᠵᠢ ᠬᠠᠨᠤᠮᠵᠢᠳᠠᠢ ᠶᠠᠷᠢᠨ᠎ᠠ᠃   
            ᠠᠯᠳᠠᠨᠴᠢᠮᠡᠭ ᠬᠤᠴᠠ ᠪᠠᠨ ᠤᠰᠤᠯᠠᠨ᠎ᠠ    ᠪᠢᠳᠡ ᠡᠷᠳᠡᠮᠳᠤ ᠶᠢᠨ ᠬᠢ ᠠᠴᠠ ᠭᠠᠷᠴᠤ ᠡᠭᠦᠯᠳᠡᠷ ᠤᠨ ᠬᠤᠴᠠ ᠮᠠᠯᠵᠢᠵᠤ ᠪᠠᠶᠢᠭ᠎ᠠ ᠤᠨᠴᠠᠯᠢᠭᠳᠤ ᠡᠷᠦᠭᠡ ᠰᠡᠴᠡᠨᠪᠢᠯᠢᠭ᠂ ᠠᠯᠳᠠᠨᠴᠢᠮᠡᠭ ᠤᠨ ᠬᠢ ᠳᠤ ᠬᠦᠷᠬᠦ ᠳᠤ ᠴᠢᠯᠠᠭᠤ ᠲᠤᠭᠤᠰᠬᠠᠨ ᠪᠦᠳᠦᠴᠡᠳᠤ ᠲᠤᠮᠤ ᠬᠠᠰᠢᠶ᠎ᠠ ᠰᠠᠷᠠᠪᠴᠢ ᠰᠢᠷᠭᠠᠯ ᠨᠠᠷᠠᠨ ᠤ ᠲᠤᠶᠠᠭᠠᠨ ᠳᠤ ᠰᠦᠷᠳᠡᠶᠢᠭᠡᠨ ᠲᠦᠩᠭᠦ᠋ᠢᠵᠦ᠂ ᠲᠠᠷᠭᠤ ᠬᠦᠴᠦᠳᠡᠢ ᠬᠤᠨᠢᠳ ᠠᠵᠢᠯᠴᠢ ᠡᠵᠡᠨ ᠢᠶᠠᠨ ᠪᠠᠶᠠᠰᠬᠠᠨ ᠮᠠᠶᠢᠯᠠᠯᠳᠤᠨ᠎ᠠ᠃ ᠲᠡᠳᠡᠨᠡᠶᠢᠬᠢ 2009 ᠤᠨ ᠠᠴᠠ ᠡᠬᠢᠯᠡᠨ ᠬᠤᠴᠠ ᠮᠠᠯᠵᠢᠵᠤ᠂ ᠤᠳᠤ ᠨᠢᠭᠡᠨᠳᠡ ᠠᠷᠪᠠᠨ ᠵᠢᠯ ᠤᠨ ᠲᠡᠦᠭᠡ ᠲᠠᠢ ᠪᠤᠯᠵᠠᠢ᠃    — ᠲᠤᠬᠠᠢ ᠶᠢᠨ ᠦᠶᠡᠰ ᠠᠮᠢᠳᠤᠷᠠᠯ ᠢᠶᠠᠨ ᠦᠭᠡᠳᠡ ᠲᠠᠳᠠᠬᠤ ᠵᠤᠷᠢᠯᠭ᠎ᠠ ᠪᠠᠷ ᠮᠠᠯ ᠰᠦᠷᠦᠭ ᠤᠨ ᠪᠦᠳᠦᠴᠡ ᠳᠡᠭᠡᠨ ᠲᠤᠬᠢᠷᠠᠭᠤᠯᠤᠯᠳᠠ ᠬᠢᠭᠰᠡᠨ ᠶᠤᠮ᠃ ︽ᠨᠢᠭᠡ ᠶᠠᠪᠤᠳᠠᠯ ᠢ ᠨᠢᠭᠡ ᠵᠦᠪᠯᠡᠬᠦ︾ ᠲᠦᠷᠦᠯ ᠵᠦᠢᠯ ᠢᠶᠠᠷ ᠲᠠᠮᠵᠢᠨ ᠬᠤᠴᠠ ᠪᠦᠷᠢ ᠶᠢᠨ 800 ᠲᠦᠭᠦᠷᠢᠭ ᠤᠨ ᠨᠦᠬᠦᠪᠦᠷᠢ ᠲᠠᠢ᠂ ᠬᠤᠪᠢ ᠪᠠᠷ ᠢᠶᠠᠨ ᠨᠢᠭᠡ ᠪᠦᠯᠦᠭ ᠪᠡᠯᠡ ᠮᠦᠩᠭᠦ ᠭᠠᠷᠭᠠᠵᠤ ᠬᠤᠴᠠ ᠤᠷᠤᠭᠤᠯᠵᠠᠢ᠃ ᠮᠠᠯ ᠤᠨ ᠢᠶᠠᠨ ᠲᠠᠷᠭᠤ ᠬᠦᠴᠦ ᠶᠢ ᠦᠨᠳᠦᠰᠦᠯᠡᠵᠦ᠂ ᠬᠤᠴᠠ ᠪᠦᠷᠢ ᠶᠢ 600 ᠲᠦᠭᠦᠷᠢᠭ ᠢᠶᠠᠷ ᠵᠢᠯ ᠤᠨ ᠭᠤᠷᠪᠠᠨ ᠰᠠᠷ᠎ᠠ ᠶᠢᠨ ᠬᠤᠭᠤᠴᠠᠭ᠎ᠠ ᠲᠠᠢ ᠲᠦᠷᠢᠶᠡᠰᠦᠯᠡᠭᠦᠯᠵᠦ᠂ ᠮᠠᠯ ᠪᠡᠯᠴᠢᠭᠡᠷ ᠤᠨ ᠲᠡᠩᠴᠡᠭᠦᠷᠢ ᠶᠢ ᠪᠤᠳᠤᠯᠬᠢᠯᠠᠵᠤ᠂ ᠲᠠᠯᠠ ᠨᠠᠶᠠᠨ ᠬᠤᠴᠠ ᠠᠴᠠ ᠲᠠᠪᠠᠭᠤᠯᠳᠠᠭ ᠦᠭᠡᠢ᠂ ᠮᠠᠯ ᠤᠨ ᠦᠨ᠎ᠠ ᠬᠠᠩᠰᠢ ᠰᠠᠶᠢᠨ ᠵᠢᠯ ᠳᠤ ᠨᠢᠭᠡ ᠬᠤᠴᠠ 2000 ᠭᠠᠷᠤᠢ ᠲᠦᠭᠦᠷᠢᠭ ᠲᠤ ᠬᠦᠷᠳᠡᠭ᠂ ᠲᠠᠭᠠᠦ ᠳᠤᠨᠢ 100 ᠭᠠᠷᠤᠢ ᠴᠠᠬᠠᠷ ᠬᠤᠨᠢ ᠮᠠᠯᠵᠢᠵᠤ ᠪᠤᠢ ᠭᠡᠵᠦ ᠠᠯᠳᠠᠨᠴᠢᠮᠡᠭ ᠶᠠᠷᠢᠨ᠎ᠠ᠃    ᠲᠡᠳᠡᠨᠡᠶᠢᠬᠢ 400 ᠲᠡᠭᠰᠢ ᠲᠦᠷᠪᠡᠯᠵᠢᠨ ᠮᠸ᠊ᠲ᠊‍ᠷ ᠤᠨ ᠪᠢᠳᠡᠭᠦᠦ ᠫᠧᠩ᠂ 400 ᠲᠡᠭᠰᠢ ᠲᠦᠷᠪᠡᠯᠵᠢᠨ ᠮᠧᠲᠷ ᠤᠨ ᠵᠠᠳᠠᠭᠠᠢ ᠬᠤᠷᠤᠭ᠎ᠠ ᠪᠠᠨ ᠲᠦᠷᠦᠯ ᠵᠦᠢᠯ ᠤᠨ ᠪᠡᠯᠡ ᠮᠦᠩᠭᠦ ᠶᠢᠨ ᠲᠡᠭᠡᠷ᠎ᠠ ᠬᠤᠪᠢ ᠪᠠᠷ ᠢᠶᠠᠨ 20% — 30%᠎ ᠶᠢᠨ ᠪᠡᠯᠡ ᠮᠦᠩᠭᠦ ᠭᠠᠷᠭᠠᠵᠤ ᠪᠠᠶᠢᠭᠤᠯᠵᠠᠢ᠃ ︽ᠮᠠᠯ ᠮᠠᠯᠵᠢᠬᠤ ᠳᠤ ᠪᠦᠳᠦᠭᠡᠨ ᠪᠠᠶᠢᠭᠤᠯᠤᠯᠳᠠ ᠶᠢ ᠰᠠᠶᠢᠳᠤᠷ ᠬᠢᠬᠦ ᠴᠢᠬᠤᠯᠠᠳᠠᠢ᠂ ᠲᠠᠭᠠᠷᠠᠵᠤ ᠪᠡᠭᠡᠷᠡᠬᠦ ᠠᠴᠠ ᠪᠤᠯᠭᠤᠮᠵᠢᠯᠠᠨ᠂ ᠲᠦᠯ ᠮᠠᠯ ᠢᠶᠠᠨ ᠮᠡᠨᠳᠦ ᠤᠨᠳᠤᠷᠤᠭᠤᠯᠬᠤ ᠶᠢ ᠯᠡ ᠬᠢᠴᠢᠶᠡᠨ᠎ᠠ᠂ ᠮᠠᠯ ᠮᠠᠯᠵᠢᠬᠤ ᠳᠤ ᠠᠷᠠᠴᠢᠯᠠᠭ᠎ᠠ ᠲᠤᠳᠤᠮᠳᠠᠯᠭ᠎ᠠ ᠶᠡᠭᠡ ᠤᠷᠤᠳᠠᠭ ᠴᠦ ᠰᠠᠶᠢᠨ ᠮᠠᠯᠵᠢᠪᠠᠯ ᠮᠠᠯ ᠠᠴᠠ ᠠᠰᠢᠭ ᠤᠯᠬᠤ ᠦᠭᠡᠢ ᠶᠠᠪᠤᠳᠠᠯ ᠪᠠᠶᠢᠬᠤ ᠦᠭᠡᠢ᠂ ᠬᠦᠳᠡᠯᠮᠦᠷᠢ ᠬᠦᠴᠦ ᠪᠠᠨ ᠪᠤᠳᠤᠬᠤ ᠦᠭᠡᠢ ᠪᠠᠷ ᠠᠯᠢ ᠴᠦ ᠵᠢᠯ 10 ᠭᠠᠷᠤᠢ ᠲᠦᠮᠡᠨ ᠲᠦᠭᠦᠷᠢᠭ ᠤᠨ ᠴᠡᠪᠡᠷ ᠤᠷᠤᠯᠭ᠎ᠠ ᠤᠯᠵᠤ ᠪᠤᠢ᠂ ᠮᠠᠯ ᠢᠶᠠᠨ ᠦᠷᠭᠦᠯᠵᠢᠯᠡᠨ ᠰᠠᠶᠢᠨ ᠮᠠᠯᠵᠢᠶ᠎ᠠ︾ ᠭᠡᠵᠦ ᠰᠡᠴᠡᠨᠪᠢᠯᠢᠭ ᠪᠤᠳᠤᠯ ᠢᠶᠠᠨ ᠲᠡᠯᠭᠡᠨ᠎ᠠ᠃    ᠦᠭᠡᠷᠡᠴᠢᠯᠡᠯᠳᠡ ᠶᠢᠨ ᠠᠯᠬᠤᠭ᠎ᠠ ᠲᠠᠢ ᠵᠤᠬᠢᠴᠠᠨ᠂ ᠵᠠᠬ᠎ᠠ ᠲᠡᠯᠭᠡᠭᠦᠷ ᠤᠨ ᠪᠠᠶᠢᠳᠠᠯ ᠢ ᠨᠠᠷᠢᠨ ᠠᠵᠢᠵᠤ᠂ ᠦᠵᠡᠯ ᠪᠤᠳᠤᠯ ᠢᠶᠠᠨ ᠢᠳᠡᠪᠬᠢᠳᠡᠢ ᠰᠢᠨᠡᠴᠢᠯᠡᠨ᠂ ᠦᠢᠯᠡᠳᠪᠦᠷᠢᠯᠡᠯ ᠠᠮᠢᠳᠤᠷᠠᠯ ᠢᠶᠠᠨ ᠦᠭᠡᠳᠡ ᠲᠠᠳᠠᠳᠠᠭ ᠨᠠᠷᠢᠨ ᠲᠠᠩᠰᠠ ᠨᠢᠮᠪᠠᠢ ᠲᠦᠯᠦᠪᠯᠡᠭᠡ ᠲᠠᠢ ᠮᠠᠯᠴᠢᠳ ᠯᠡ ᠰᠢᠨ᠎ᠠ ᠮᠠᠯᠵᠢᠬᠤ ᠲᠠᠷᠢᠶᠠᠯᠠᠬᠤ ᠤᠷᠤᠨ ᠤ ᠨᠢᠷᠤᠭᠤ ᠭᠡᠳᠡᠭᠡᠷ ᠡᠵᠡᠨ ᠨᠢ ᠪᠢᠯᠡ᠃          ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ           ᠲᠠᠩᠰᠠᠯᠠᠵᠤ ᠦᠨᠡᠮᠯᠡᠯ ᠤᠯᠭᠤᠭᠰᠠᠨ ᠡᠯᠡᠰᠦᠳᠡᠢ ᠭᠠᠴᠠᠭ᠎ᠠ    ᠬᠦᠪᠡᠭᠡᠳᠤ ᠰᠢᠷ᠎ᠠ ᠬᠤᠰᠢᠭᠤᠨ ᠤ ᠲᠦᠪ ᠰᠢᠨᠡᠪᠤᠯᠠᠭ ᠪᠠᠯᠭᠠᠰᠤᠨ ᠳᠤ ︽ᠠᠳᠤᠭᠤᠴᠢᠨ ᠠᠰᠠᠷ︾ ᠬᠡᠮᠡᠬᠦ ᠤᠨᠴᠠᠭᠠᠢ ᠨᠢᠭᠡᠨ ᠵᠡᠭᠡᠯᠢ ᠨᠢᠭᠤᠷᠯᠠᠭᠰᠠᠨ ᠠᠰᠠᠷ ᠪᠠᠶᠢᠳᠠᠭ᠃ ᠬᠤᠰᠢᠭᠤᠨ ᠳᠤ ᠠᠩᠬ᠎ᠠ ᠪᠠᠶᠢᠭᠤᠯᠤᠭᠰᠠᠨ ᠭᠠᠴᠠᠭᠠᠨ ᠤ ᠠᠰᠠᠷ ᠪᠦᠭᠡᠳ ᠡᠨᠡᠬᠦ ᠠᠰᠠᠷ ᠨᠢ ᠭᠠᠴᠠᠭᠠᠨ ᠤ ᠬᠠᠮᠳᠤ ᠶᠢᠨ ᠬᠤᠷᠠᠮᠳᠤᠯᠭ᠎ᠠ ᠳᠤ ᠬᠦᠷᠦᠩᠭᠡ ᠨᠡᠮᠡᠷᠢᠯᠡᠳᠡᠭ ᠢᠶᠠᠷ ᠢᠶᠠᠨ ᠦᠭᠡᠷ᠎ᠠ ᠪᠤᠰᠤᠳ ᠠᠰᠠᠷ ᠠᠴᠠ ᠢᠯᠭᠠᠭᠳᠠᠨ᠎ᠠ᠃ ᠪᠢᠳᠡ ᠡᠨᠡᠬᠦ ᠠᠰᠠᠷ ᠢ ᠡᠭᠦᠰᠭᠡᠨ ᠪᠠᠶᠢᠭᠤᠯᠤᠭᠴᠢ ᠶᠢᠨ ᠨᠢᠭᠡ᠂ ᠪᠦᠬᠦ ᠤᠯᠤᠰ ᠲᠤ ᠬᠠᠮᠤᠭ ᠤᠨ ᠲᠦᠷᠦᠭᠦᠨ ᠤ ᠰᠢᠨ᠎ᠠ ︽ᠨᠤᠳᠤᠭ ᠪᠡᠯᠴᠢᠭᠡᠷ ᠢ ᠲᠠᠭᠠᠭᠠᠴᠢᠯᠠᠨ ᠡᠵᠡᠩᠨᠡᠬᠦ ᠡᠷᠭᠡ ᠶᠢᠨ ᠦᠨᠡᠮᠯᠡᠯ︾᠎ ᠢ ᠭᠠᠷᠳᠠᠭᠰᠠᠨ ᠮᠠᠯᠴᠢᠨ᠂ ᠬᠦᠪᠡᠭᠡᠳᠤ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤᠨ ᠤ ᠡᠯᠡᠰᠦᠳᠡᠢ ᠭᠠᠴᠠᠭᠠᠨ ᠤ ᠤᠤᠯ ᠤᠨ ᠨᠠᠮ ᠤᠨ ᠡᠭᠦᠷ ᠤᠨ ᠱᠦᠵᠢ ᠦᠯᠵᠡᠢ ᠨᠠᠰᠤᠳᠠᠨ ᠢ ᠰᠤᠷᠪᠤᠯᠵᠢᠯᠠᠵᠤ ᠬᠠᠮᠢᠶ᠎ᠠ ᠪᠦᠬᠦᠢ ᠪᠠᠶᠢᠳᠠᠯ ᠢ ᠤᠢᠢᠯᠠᠭᠠᠭᠰᠠᠨ ᠶᠤᠮ᠃    1976 ᠤᠨ ᠠᠴᠠ 2009 ᠤᠨ ᠪᠤᠯᠳᠠᠯ᠎ᠠ᠂ ᠡᠯᠡᠰᠦᠳᠡᠢ ᠭᠠᠴᠠᠭᠠᠨ ᠤ ᠨᠢᠭᠳᠠᠯᠠᠨ ᠪᠤᠳᠤᠭᠴᠢ᠂ ᠭᠠᠴᠠᠭᠠᠨ ᠲᠠᠷᠤᠭ᠎ᠠ᠂ ᠭᠠᠴᠠᠭᠠᠨ ᠤ ᠨᠠᠮ ᠤᠨ ᠡᠭᠦᠷ ᠤᠨ ᠱᠦᠵᠢ ᠶᠢᠨ ᠠᠵᠢᠯ ᠢ ᠪᠦᠳᠦᠨ 32 ᠵᠢᠯ ᠬᠢᠵᠦ ᠠᠵᠢᠯ ᠠᠴᠠ ᠪᠠᠨ ᠠᠮᠠᠷᠠᠭᠰᠠᠨ ᠦᠯᠵᠡᠢ ᠨᠠᠰᠤᠳᠠᠨ ᠢ ᠡᠯᠡᠰᠦᠳᠡᠢ ᠭᠠᠴᠠᠭᠠᠨ ᠤ ᠠᠮᠢᠳᠤ ᠲᠤᠯᠢ ᠭᠡᠵᠦ ᠬᠡᠯᠡᠵᠦ ᠪᠤᠯᠤᠮᠠᠷ᠃     
    — ᠡᠯᠡᠰᠦᠳᠡᠢ ᠭᠠᠴᠠᠭ᠎ᠠ ᠭᠠᠵᠠᠷ ᠨᠤᠳᠤᠭ ᠪᠠᠭ᠎ᠠ᠂ ᠶᠠᠳᠠᠭᠤ ᠬᠦᠴᠢᠷᠳᠡᠯᠳᠡᠢ ᠭᠠᠴᠠᠭ᠎ᠠ ᠪᠤᠯᠤᠨ᠎ᠠ᠃ ᠶᠡᠭᠡ ᠲᠠᠯᠠᠪᠠᠢ ᠪᠠᠷ ᠲᠠᠷᠢᠮᠠᠯ ᠲᠠᠷᠢᠬᠤ ᠨᠦᠭᠦᠴᠡᠯ ᠪᠠᠶᠢᠬᠤ ᠦᠭᠡᠢ᠂ ᠬᠠᠮᠳᠤ ᠶᠢᠨ ᠮᠠᠯ ᠬᠠᠷ᠎ᠠ ᠪᠠᠶᠢᠳᠠᠭ ᠦᠭᠡᠢ ᠠᠴᠠ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠨᠦᠭᠦᠴᠡᠯ ᠪᠠᠶᠢᠬᠤ ᠦᠭᠡᠢ᠃ ᠡᠨᠡ ᠬᠦ ᠪᠠᠶᠢᠳᠠᠯ ᠲᠤᠤᠷ᠎ᠠ 2006 ᠤᠨ ᠳᠤ ᠡᠯᠡᠰᠦᠳᠡᠢ ᠭᠠᠴᠠᠭ᠎ᠠ ᠪᠠᠨ ︽2020 ᠤᠨ ᠪᠤᠯᠳᠠᠯ᠎ᠠ 1000 ᠭᠠᠴᠠᠭ᠎ᠠ ᠶᠢ ᠶᠠᠳᠠᠭᠤ ᠠᠴᠠ ᠠᠩᠭᠢᠵᠢᠷᠠᠭᠤᠯᠬᠤ︾ ᠲᠦᠷᠦᠯ ᠵᠦᠢᠯ ᠳᠤ ᠤᠷᠤᠭᠤᠯᠵᠤ᠂ ᠲᠤᠰ ᠭᠠᠴᠠᠭ᠎ᠠ ᠶᠢ ᠲᠠᠭᠠᠭᠠᠵᠤ ᠪᠠᠶᠢᠭᠰᠠᠨ ᠦᠪᠡᠷᠳᠡᠭᠡᠨ ᠵᠠᠰᠠᠬᠤ ᠤᠷᠤᠨ ᠤ ᠬᠤᠳᠠᠯᠳᠤᠭᠠᠨ ᠤ ᠶᠠᠪᠤᠳᠠᠯ ᠤᠨ ᠲᠢᠩᠭᠢᠮ ᠲᠠᠢ ᠠᠬᠢᠨ ᠲᠠᠬᠢᠨ ᠬᠠᠷᠢᠴᠠᠵᠤ ᠪᠠᠶᠢᠭᠠᠳ ᠨᠡᠶᠢᠳᠡ 336 ᠲᠡᠭᠰᠢ ᠲᠦᠷᠪᠡᠯᠵᠢᠨ ᠮᠧᠲᠷ ᠤᠨ ᠭᠠᠵᠠᠷ ᠠᠪᠴᠤ᠂ ᠬᠤᠰᠢᠭᠤᠨ ᠲᠡᠭᠡᠷ᠎ᠠ 166 ᠲᠡᠭᠰᠢ ᠲᠦᠷᠪᠡᠯᠵᠢᠨ ᠮᠧᠲᠷ ᠤᠨ ᠬᠤᠶᠠᠷ ᠲᠠᠪᠬᠤᠷ ᠵᠡᠭᠡᠯᠢ ᠨᠢᠭᠤᠷᠯᠠᠭᠰᠠᠨ ᠠᠰᠠᠷ ᠪᠠᠷᠢᠵᠤ᠂ ᠠᠷᠤ ᠳᠤᠨᠢ 166 ᠲᠡᠭᠰᠢ ᠲᠦᠷᠪᠡᠯᠵᠢᠨ ᠮᠧᠲᠷ ᠤᠨ ᠬᠦᠷᠢᠶ᠎ᠠ ᠪᠤᠯᠤᠨ ᠵᠢᠵᠢᠭ ᠭᠡᠷ ᠤᠳ ᠢ ᠪᠠᠷᠢᠵᠠᠢ᠃ ᠡᠨᠡ ᠬᠦ ᠠᠰᠠᠷ ᠢᠶᠠᠨ ︽ᠠᠳᠤᠭᠤᠴᠢᠨ ᠠᠰᠠᠷ︾ ᠬᠡᠮᠡᠨ ᠨᠡᠷᠡᠯᠡᠵᠦ᠂ ᠨᠢᠭᠡᠳᠦᠭᠡᠷ ᠲᠠᠪᠬᠤᠷᠯᠢᠭ ᠢ ᠨᠢ ᠵᠢᠯ ᠤᠨ 2 ᠲᠦᠮᠡᠨ ᠲᠦᠭᠦᠷᠢᠭ ᠢᠶᠠᠷ ᠭᠠᠳᠠᠭᠰᠢ ᠲᠦᠷᠢᠶᠡᠰᠦᠯᠡᠭᠦᠯᠵᠦ᠂ ᠭᠠᠴᠠᠭᠠᠨ ᠤ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠳᠤ ᠵᠤᠷᠢᠭᠤᠯᠵᠤ᠂ ᠬᠤᠶᠠᠳᠤᠭᠠᠷ ᠲᠠᠪᠬᠤᠷᠯᠢᠭ ᠢ ᠨᠢ ᠭᠠᠴᠠᠭᠠᠨ ᠤ ᠠᠵᠢᠯᠯᠠᠭᠠᠨ ᠤ ᠭᠡᠷ ᠪᠤᠯᠭᠠᠵᠤ ᠪᠠᠶᠢᠵᠠᠢ᠃ ᠨᠢᠳᠤᠨᠤᠨ ᠵᠢᠯ ᠠᠶᠢᠮᠠᠭ ᠤᠨ ᠲᠦᠷᠦᠯ ᠵᠦᠢᠯ ᠤᠨ ᠠᠩᠭᠢ ᠶᠢᠨ ᠬᠢᠨ ᠠᠷᠤ ᠳᠤᠨᠢ ᠪᠠᠶᠢᠭ᠎ᠠ 166 ᠲᠡᠭᠰᠢ ᠲᠦᠷᠪᠡᠯᠵᠢᠨ ᠮᠧᠲᠷ ᠤᠨ ᠬᠦᠷᠢᠶ᠎ᠠ ᠪᠤᠯᠤᠨ ᠵᠢᠵᠢᠭ ᠭᠡᠷ ᠤᠳ ᠢ ᠨᠤᠷᠠᠭᠠᠵᠤ᠂ ᠪᠦᠳᠦᠭᠦᠨ ᠠᠰᠠᠷ ᠪᠠᠷᠢᠵᠤ ᠦᠭᠬᠦ ᠪᠠᠷ ᠲᠤᠭᠳᠠᠵᠤ᠂ ᠤᠳᠠᠯ ᠦᠭᠡᠢ ᠠᠰᠢᠠᠠᠯᠠᠯᠳᠠ ᠳᠤ ᠤᠷᠤᠬᠤ ᠪᠠᠷ ᠪᠤᠢ᠃ ᠡᠨᠡ ᠵᠢᠯ ᠡᠮᠦᠨᠡᠬᠢ ᠠᠰᠠᠷ ᠢᠶᠠᠨ ᠵᠢᠯ ᠤᠨ 5 ᠲᠦᠮᠡᠨ ᠲᠦᠭᠦᠷᠢᠭ ᠢᠶᠠᠷ ᠪᠦᠬᠦᠳᠡ ᠶᠢ ᠭᠠᠳᠠᠭᠰᠢ ᠲᠦᠷᠢᠶᠡᠰᠦᠯᠡᠭᠦᠯᠵᠦ᠂ ᠭᠠᠴᠠᠭᠠᠨ ᠤ ᠬᠠᠮᠳᠤ ᠶᠢᠨ ᠠᠵᠤ ᠠᠬᠤᠢ ᠶᠢ ᠬᠦᠭᠵᠢᠭᠦᠯᠬᠦ ᠳᠤ ᠨᠡᠮᠡᠷᠢ ᠪᠤᠯᠭᠠᠵᠤ ᠪᠤᠢ ᠭᠡᠵᠦ ᠦᠯᠵᠡᠢ ᠨᠠᠰᠤᠳᠠᠨ ︽ᠠᠳᠤᠭᠤᠴᠢᠨ ᠠᠰᠠᠷ︾᠎ ᠤᠨ ᠢᠷᠡᠯ ᠭᠠᠷᠤᠯ ᠤᠨ ᠲᠤᠬᠠᠢ ᠲᠠᠨᠢᠯᠴᠠᠭᠤᠯᠵᠠᠢ᠃    ᠪᠢᠳᠡ ᠵᠦᠰᠡᠷᠡᠬᠦ ᠪᠤᠷᠤᠭᠠᠨ ᠤ ᠲᠤᠮᠳᠠᠭᠤᠷ ᠦᠯᠵᠡᠢ ᠨᠠᠰᠤᠳᠠᠨ ᠤ ᠵᠠᠮᠴᠢᠯᠠᠭ᠎ᠠ ᠪᠠᠷ ᠬᠤᠰᠢᠭᠤᠨ ᠲᠦᠪ ᠠᠴᠠ ᠡᠯᠡᠰᠦᠳᠡᠢ ᠭᠠᠴᠠᠭ᠎ᠠ ᠶᠢ ᠴᠢᠭᠯᠡᠵᠦ ᠶᠠᠪᠤᠬᠤ ᠳᠤ ᠬᠡᠳᠦᠨ ᠡᠳᠦᠷ ᠤᠨ ᠤᠷᠤᠭᠰᠠᠨ ᠪᠤᠷᠤᠭᠠᠨ ᠢᠶᠠᠷ ᠡᠪᠡᠰᠤ ᠤᠷᠭᠤᠮᠠᠯ ᠰᠡᠷᠪᠡᠯᠵᠡᠨ ᠭᠠᠩᠬᠤᠵᠤ᠂ ᠦᠯᠵᠡᠢ ᠨᠠᠰᠤᠳᠠᠨ ᠤ ᠰᠡᠳᠭᠢᠯ ᠴᠦ ᠬᠤᠷ᠎ᠠ ᠦᠵᠡᠭᠰᠡᠨ ᠲᠠᠯ᠎ᠠ ᠪᠠᠨ ᠰᠢᠭ᠋ ᠲᠠᠶᠢᠪᠤᠭᠤᠬᠠᠨ ᠴᠡᠯᠡᠶᠢᠵᠦ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠬᠤᠪᠢᠷᠠᠯᠳᠠ ᠬᠦᠭᠵᠢᠯᠳᠡ ᠶᠢᠨ ᠲᠤᠬᠠᠢ ᠪᠢᠳᠡᠨ ᠳᠤ ᠤᠷᠤᠰᠤᠭᠤᠯᠵᠤ ᠭᠠᠷᠪᠠ᠃    — ᠮᠠᠨ ᠤ ᠭᠠᠴᠠᠭ᠎ᠠ ᠬᠡᠳᠦ ᠵᠡᠭᠦᠨ ᠤ ᠬᠡᠯᠪᠡᠷᠢᠯ ᠲᠤᠤᠷ᠎ᠠ ᠤᠯᠠᠨ ᠠᠷᠪᠢᠨ ᠲᠤᠭᠤᠷᠢᠭᠤ ᠵᠠᠮ ᠢᠶᠠᠷ ᠶᠠᠪᠤᠵᠤ᠂ ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯ ᠠᠴᠠ ᠬᠤᠶᠢᠰᠢ᠂ ᠵᠦᠪ ᠠᠯᠬᠤᠮ ᠢᠶᠠᠷ ᠠᠯᠬᠤᠭᠰᠠᠨ ᠪᠤᠯᠬᠤᠷ ᠪᠠᠶᠢᠳᠠᠯ ᠲᠦᠷᠰᠦ ᠤᠨᠴᠠᠭᠠᠢ ᠬᠤᠪᠢᠷᠠᠵᠠᠢ᠃ ᠮᠠᠯᠴᠢᠨ ᠲᠦᠮᠡᠨ ᠤ ᠢᠳᠡᠪᠬᠢᠵᠢᠯ ᠲᠠᠶᠢᠴᠢᠯᠠᠭᠳᠠᠨ᠂ ᠰᠠᠭᠤᠷᠢ ᠪᠦᠳᠦᠭᠡᠨ ᠪᠠᠶᠢᠭᠤᠯᠤᠯᠳᠠ ᠪᠠᠨ ᠰᠠᠶᠢᠳᠤᠷ ᠬᠢᠵᠦ᠂ ᠮᠠᠯ ᠤᠨ ᠡᠭᠦᠯᠳᠡᠷ ᠤᠭᠰᠠᠭ᠎ᠠ ᠪᠠᠨ ᠰᠠᠶᠢᠵᠢᠷᠠᠭᠤᠯᠤᠨ᠂ ᠮᠠᠯᠵᠢᠬᠤ ᠲᠠᠷᠢᠶᠠᠯᠠᠬᠤ ᠤᠷᠤᠨ ᠳᠤ ᠬᠤᠪᠢ ᠶᠢᠨ ᠠᠵᠤ ᠠᠬᠤᠢ ᠪᠠᠷ ᠭᠤᠤᠯᠳᠠᠭᠤᠯᠤᠭᠰᠠᠨ ᠰᠢᠨ᠎ᠠ ᠲᠦᠷᠰᠦ ᠪᠠᠶᠢᠳᠠᠯ᠂ ᠮᠠᠯ ᠠᠵᠤ ᠠᠬᠤᠢ ᠡᠯᠪᠡᠭ ᠪᠠᠶᠠᠯᠢᠭ ᠬᠦᠭᠵᠢᠭᠰᠡᠨ᠂ ᠮᠠᠯᠴᠢᠳ ᠤᠨ ᠠᠮᠢᠳᠤᠷᠠᠯ ᠶᠡᠬᠡᠪᠡᠷ ᠲᠡᠭᠡᠭᠰᠢᠯᠡᠭᠰᠡᠨ ᠠᠮᠢᠳᠤᠯᠢᠭ ᠪᠦᠭᠡᠳ ᠤᠷᠮ᠎ᠠ ᠪᠠᠭ᠋ᠠᠳᠠᠢ ᠦᠢᠯᠡᠳᠪᠦᠷᠢᠯᠡᠯ ᠤᠨ ᠠᠷᠭ᠎ᠠ ᠪᠠᠷᠢᠯ ᠪᠤᠢ ᠪᠤᠯᠵᠠᠢ᠃
     
            ᠴᠠᠬᠠᠷ ᠬᠤᠨᠢᠳ    — ᠪᠦᠬᠦ ᠬᠤᠰᠢᠭᠤ ᠪᠠᠷ ᠢᠶᠠᠨ 1983 ᠤᠨ ᠳᠤ ᠮᠠᠯ ᠢᠶᠠᠨ ᠡᠷᠦᠭᠡ ᠳᠤ ᠲᠠᠭᠠᠭᠠᠴᠢᠯᠠᠭᠤᠯᠬᠤ ᠳᠤ᠂ ᠮᠠᠨ ᠤ ᠭᠠᠴᠠᠭ᠎ᠠ 1982 ᠤᠨ ᠳᠤ ᠤᠷᠢᠳᠴᠢᠯᠠᠨ ᠨᠢᠭᠡ ᠵᠢᠯ ᠲᠠᠭᠠᠭᠠᠴᠢᠯᠠᠭᠤᠯᠵᠠᠢ᠃ ᠮᠠᠯ ᠰᠦᠷᠦᠭ ᠢ ᠡᠷᠦᠭᠡ ᠳᠤ ᠲᠠᠭᠠᠭᠠᠴᠢᠯᠠᠭᠤᠯᠤᠭᠰᠠᠨ ᠤ ᠲᠠᠷᠠᠭ᠎ᠠ᠂ ᠮᠠᠯᠴᠢᠳ ᠤᠨ ᠢᠳᠡᠪᠬᠢᠵᠢᠯ ᠲᠠᠶᠢᠴᠢᠯᠠᠭᠳᠠᠵᠤ᠂ ᠵᠢᠯ ᠤᠨ 5000᠎ ᠶᠢ ᠲᠠᠪᠠᠳᠠᠭ ᠦᠭᠡᠢ ᠪᠠᠶᠢᠭᠰᠠᠨ ᠮᠠᠯ ᠤᠨ ᠲᠤᠭ᠎ᠠ 1983 ᠤᠨ ᠳᠤ 7000 ᠭᠠᠷᠤᠢ ᠪᠤᠯᠵᠤ ᠦᠰᠴᠡᠢ᠂ ᠡᠨᠡ ᠨᠢ ᠤᠯᠠᠨ ᠲᠦᠮᠡᠨ ᠤ ᠢᠳᠡᠪᠬᠢᠵᠢᠯ ᠲᠠᠶᠢᠴᠢᠯᠠᠭᠳᠠᠭᠰᠠᠨ ᠤ ᠪᠠᠳᠤᠳᠠᠢ ᠭᠡᠷᠡᠴᠢ ᠪᠤᠯᠤᠨ᠎ᠠ᠃    — ᠤᠤᠯ ᠤᠨ ᠮᠠᠯᠵᠢᠬᠤ ᠤᠷᠤᠨ ᠤ ᠭᠤᠷᠪᠠᠨ ᠲᠤᠮᠤ ᠡᠳ᠋ᠯᠡᠯ ᠪᠤᠯ ᠲᠤᠭᠤᠢ ᠲᠡᠷᠭᠡ᠂ ᠤᠶᠤᠳᠠᠯ ᠤᠨ ᠮᠠᠰᠢᠨ᠂ ᠭᠠᠷ ᠴᠠᠭ ᠪᠠᠶᠢᠵᠤ᠂ ᠲᠠᠯᠠᠭᠠᠳ ᠤᠨ ᠳᠤ ᠠᠶᠢᠯ ᠪᠦᠷᠢ ᠲᠤᠭᠤᠢ ᠤᠨᠤᠬᠤ ᠳᠤ ᠬᠦᠴᠢᠷᠳᠡᠵᠦ ᠪᠠᠶᠢᠭᠰᠠᠨ ᠪᠤᠯ ᠨᠠᠶᠠᠭᠠᠳ ᠤᠨ ᠠᠴᠠ ᠡᠬᠢᠯᠡᠨ ᠮᠤᠲ᠋ᠤᠷ ᠤᠨᠤᠬᠤ ᠪᠤᠯᠵᠠᠢ᠃ ᠰᠢᠪᠠᠷ ᠪᠠᠶᠢᠰᠢᠩ ᠠᠴᠠ ᠪᠠᠨ ᠲᠤᠭᠤᠰᠬᠠᠨ ᠪᠠᠶᠢᠰᠢᠩ ᠳᠤ ᠨᠡᠭᠦᠵᠦ᠂ ᠤᠳᠤ ᠪᠤᠯᠬᠤ ᠳᠤ ᠮᠠᠰᠢᠨ ᠲᠡᠷᠭᠡ ᠦᠭᠡᠢ ᠠᠶᠢᠯ ᠪᠠᠶᠢᠬᠤ ᠦᠭᠡᠢ᠂ ᠮᠠᠯᠵᠢᠬᠤ ᠤᠷᠤᠨ ᠤ ᠠᠮᠢᠳᠤᠷᠠᠯ ᠬᠤᠳᠠ ᠶᠢᠨ ᠬᠢ ᠲᠠᠢ ᠦᠨᠳᠦᠰᠦᠨ ᠳᠡᠭᠡᠨ ᠢᠯᠭᠠᠭ᠎ᠠ ᠦᠭᠡᠢ ᠪᠤᠯᠵᠤ᠂ ᠦᠩᠭᠡ ᠪᠤᠳᠤᠭ ᠨᠢ ᠢᠯᠭᠠᠷᠠᠭᠰᠠᠨ ᠲᠤᠭᠤᠰᠬᠠᠨ ᠪᠠᠶᠢᠰᠢᠩ ᠤᠳ᠂ ᠭᠡᠷ ᠲᠤᠳᠤᠷᠠᠬᠢ ᠪᠦᠳᠦᠴᠡ ᠲᠠᠰᠤᠯᠪᠤᠷᠢ᠂ ᠡᠳ᠋ᠯᠡᠯ ᠪᠠᠶᠢᠷᠢᠰᠢᠶᠡᠷᠢ ᠨᠢ ᠴᠦ ᠰᠠᠶᠢᠬᠠᠨ᠂ ᠡᠨᠡ ᠪᠤᠯ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠭᠰᠠᠨ ᠲᠦᠷᠦ ᠶᠢᠨ ᠪᠤᠳᠤᠯᠭ᠎ᠠ ᠶᠢᠨ ᠠᠴᠢ ᠭᠠᠪᠢᠶ᠎ᠠ᠂ ᠮᠠᠯᠴᠢᠨ ᠲᠦᠮᠡᠨ ᠤ ᠢᠳᠡᠪᠬᠢᠵᠢᠯ ᠪᠠᠳᠠᠷᠠᠭᠰᠠᠨ ᠤ ᠦᠷ᠎ᠠ ᠳ᠋ᠦᠩ ᠭᠡᠵᠦ ᠤᠢᠢᠯᠠᠭᠠᠳᠠᠭ ᠶᠤᠮ ᠡ ᠭᠡᠵᠦ ᠨᠠᠰᠤᠳᠠᠨ ᠪᠢᠳᠡᠭᠦᠭᠡᠨ ᠳᠡᠭᠡᠨ ᠪᠠᠶᠠᠰᠤᠨ᠎ᠠ᠃    ᠰᠢᠨ᠎ᠠ ︽ᠨᠤᠳᠤᠭ ᠪᠡᠯᠴᠢᠭᠡᠷ ᠢ ᠲᠠᠭᠠᠭᠠᠴᠢᠯᠠᠨ ᠡᠵᠡᠩᠨᠡᠬᠦ ᠡᠷᠭᠡ ᠶᠢᠨ ᠦᠨᠡᠮᠯᠡᠯ︾᠎ ᠢ ᠮᠠᠯᠴᠢᠳ ᠲᠤ ᠭᠠᠷᠳᠠᠭᠤᠯᠤᠭᠰᠠᠨ ᠤᠳᠬ᠎ᠠ ᠠᠭᠤᠯᠭ᠎ᠠ ᠶᠢᠨ ᠲᠤᠬᠠᠢ ᠨᠠᠰᠤᠳᠠᠨ ᠲᠦᠷᠦᠭᠳᠡᠯ ᠭᠦᠨ᠄ ︽1984 ᠤᠨ ᠳᠤ ᠡᠯᠡᠰᠦᠳᠡᠢ ᠭᠠᠴᠠᠭ᠎ᠠ ᠭᠠᠵᠠᠷ ᠨᠤᠳᠤᠭ ᠢᠶᠠᠨ ᠡᠷᠦᠭᠡ ᠳᠤ ᠲᠠᠭᠠᠭᠠᠴᠢᠯᠠᠭᠤᠯᠬᠤ ᠳᠤ ᠭᠠᠴᠠᠭᠠᠨ ᠠᠴᠠ ᠲᠡᠭᠡᠰᠦ ᠪᠠᠨ ᠴᠢᠷᠴᠦ᠂ ᠲᠡᠷᠡᠰᠤ ᠬᠤᠭᠤᠯᠤᠭᠠᠳ ᠦᠪᠡᠷᠰᠡᠳ ᠢᠶᠠᠨ ᠪᠤᠳᠤᠵᠤ ᠬᠤᠪᠢᠶᠠᠵᠠᠢ᠂ ᠵᠢᠷᠤᠭᠳᠤ ᠶᠢᠨ ᠵᠢᠯᠤᠭᠤᠳᠤᠯᠭ᠎ᠠ ᠪᠠᠶᠢᠬᠤ ᠦᠭᠡᠢ︔ 1989 ᠤᠨ ᠳᠤ ᠵᠢᠷᠤᠭᠳᠤ ᠶᠢᠨ ᠵᠢᠯᠤᠭᠤᠳᠤᠯᠭ᠎ᠠ ᠲᠤᠤᠷ᠎ᠠ ᠭᠠᠵᠠᠷ ᠨᠤᠳᠤᠭ ᠢ ᠬᠤᠪᠢᠶᠠᠵᠠᠢ᠂ ᠲᠡᠯᠡᠭᠡᠢ ᠬᠤᠪᠢᠶᠠᠨ᠎ᠠ ᠭᠡᠳᠡᠭ ᠴᠢᠨᠢ ᠲᠡᠪᠡᠯ ᠤᠨ ᠪᠠᠷᠠᠭ᠎ᠠ ᠡᠰᠭᠡᠬᠦ ᠲᠠᠢ ᠲᠠᠭᠠᠷᠠᠬᠤ ᠦᠭᠡᠢ᠂ ᠶᠡᠭᠡ ᠪᠤᠳᠤᠯᠢᠶᠠᠨᠳᠠᠢ ᠠᠰᠠᠭᠤᠳᠠᠯ᠂ ᠨᠢᠭᠡ ᠪᠦᠯᠦᠭ ᠠᠶᠢᠯ ᠡᠷᠦᠭᠡ ᠨᠢ ᠬᠤᠪᠢ ᠪᠠᠷ ᠢᠶᠠᠨ ᠠᠪᠴᠤ᠂ ᠤᠯᠠᠩᠭᠢ ᠨᠢ ᠬᠤᠳᠠ ᠪᠠᠷ ᠨᠢ ᠬᠤᠪᠢᠶᠠᠵᠤ᠂ ᠬᠦᠮᠦᠨ ᠳᠤ ᠲᠤᠭ᠎ᠠ ᠶᠢ ᠨᠢ ᠨᠤᠭᠳᠠᠭᠤᠯᠤᠭᠠᠳ᠂ ᠪᠤᠳᠠᠳᠠᠢ ᠶᠢ ᠨᠢ ᠬᠤᠳᠠᠨ ᠳᠤᠨᠢ ᠨᠠᠶᠢᠳᠠᠪᠤᠷᠢᠵᠢᠭᠤᠯᠵᠠᠢ︔ 1996 ᠤᠨ ᠳᠤ ᠬᠦᠮᠦᠨ ᠳᠤ ᠨᠠᠶᠢᠳᠠᠪᠤᠷᠢᠵᠢᠭᠤᠯᠤᠨ ᠬᠤᠪᠢᠶᠠᠵᠠᠢ᠂ ᠲᠡᠷᠡᠰᠤ ᠪᠠᠨ ᠠᠪᠤᠶ᠎ᠠ ᠭᠡᠨ᠎ᠠ᠂ ᠲᠠᠯ᠎ᠠ ᠪᠠᠨ ᠠᠪᠤᠶ᠎ᠠ ᠭᠡᠨ᠎ᠠ᠂ ᠬᠠᠳᠤᠯᠠᠩ ᠢᠶᠠᠨ ᠠᠪᠤᠶ᠎ᠠ ᠭᠡᠨ᠎ᠠ᠂ ᠡᠨᠡ ᠤᠯᠠᠨ ᠶᠠᠷᠰᠢᠭ ᠤᠷᠰᠢᠭ ᠢ ᠲᠠᠪᠠᠭᠠᠳ ᠶᠠᠭᠤ ᠴᠦ ᠭᠡᠰᠡᠨ ᠬᠤᠪᠢᠶᠠᠴᠢᠬᠠᠵᠠᠢ᠃ 1996 ᠤᠨ ᠳᠤ ᠭᠠᠵᠠᠷ ᠨᠤᠳᠤᠭ ᠢᠶᠠᠨ ᠬᠤᠪᠢᠶᠠᠭᠰᠠᠨ ᠤ ᠲᠠᠷᠠᠭ᠎ᠠ᠂ ᠲᠡᠯᠡᠭᠡᠢ ᠶᠤᠮ ᠴᠢᠨᠢ 30 — 50 ᠮᠦ ᠵᠦᠷᠢᠬᠦ ᠶᠠᠪᠤᠳᠠᠯ ᠭᠠᠷᠤᠨ᠎ᠠ᠂ ᠲᠤᠬᠠᠢ ᠶᠢᠨ ᠦᠶ᠎ᠠ ᠳᠡᠭᠡᠨ ᠨᠢᠭᠡ ᠠᠶᠢᠯ 1000 ᠮᠦ ᠲᠡᠭᠡᠷ᠎ᠠ 50 ᠮᠦ ᠵᠦᠷᠢᠬᠦ ᠶᠢ ᠵᠦᠪᠰᠢᠶᠡᠷᠡᠨ᠎ᠠ︔ ᠡᠨᠡ ᠬᠦ ᠪᠠᠶᠢᠳᠠᠯ ᠲᠤᠤᠷ᠎ᠠ 2006 ᠤᠨ ᠳᠤ ᠨᠤᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ ᠶᠢ ᠲᠤᠳᠤᠷᠬᠠᠢᠢᠯᠠᠨ ᠲᠠᠩᠰᠠᠯᠠᠵᠤ ᠦᠨᠡᠮᠯᠡᠯ ᠤᠯᠭᠤᠬᠤ ᠪᠠᠷ ᠲᠠᠮᠵᠢᠨ ᠬᠠᠤᠯᠢᠵᠢᠭᠤᠯᠵᠤ᠂ ᠬᠠᠤᠯᠢ ᠶᠢᠨ ᠪᠠᠳᠤᠯᠠᠭ᠎ᠠ ᠤᠯᠭᠤᠭᠰᠠᠨ ᠢᠶᠠᠷ ᠬᠤᠪᠢ ᠬᠦᠮᠦᠨ ᠤ ᠬᠦᠷᠦᠩᠭᠡ ᠪᠤᠯᠴᠢᠬᠠᠵᠠᠢ᠂ ᠪᠤᠰᠤᠳ ᠲᠤ ᠲᠦᠷᠢᠶᠡᠰᠦᠯᠡᠭᠦᠯᠵᠦ᠂ ᠰᠢᠯᠵᠢᠭᠦᠯᠦᠨ ᠡᠵᠡᠩᠨᠡᠭᠦᠯᠵᠦ᠂ ᠬᠤᠪᠢ ᠤᠷᠤᠵᠤ ᠪᠤᠯᠬᠤ᠂ ᠪᠠᠷᠢᠴᠠᠭᠠᠯᠠᠵᠤ ᠵᠤᠭᠤᠰ ᠮᠦᠩᠭᠦ ᠵᠢᠭᠡᠯᠡᠵᠦ ᠪᠤᠯᠬᠤ ᠪᠤᠯᠵᠠᠢ︾ ᠭᠡᠵᠦ ᠬᠡᠳᠦ ᠤᠳᠠᠭᠠᠨ ᠤ ᠶᠠᠪᠤᠳᠠᠯ ᠢ ᠬᠤᠷᠤᠭᠤ ᠲᠠᠷᠤᠨ ᠤᠷᠤᠰᠤᠭᠤᠯᠤᠨ᠎ᠠ᠃ 
    ᠮᠠᠯᠵᠢᠬᠤ ᠤᠷᠤᠨ ᠤ ᠤᠯᠠᠨ ᠠᠷᠪᠢᠨ ᠦᠭᠡᠷᠡᠴᠢᠯᠡᠯᠳᠡ ᠶᠢᠨ ᠲᠦᠷᠦ ᠶᠢᠨ ᠪᠤᠳᠤᠯᠭ᠎ᠠ ᠶᠢ ᠨᠠᠰᠤᠳᠠᠨ ᠬᠦᠷᠢᠶᠡᠯᠡᠨ ᠪᠠᠭ᠋ᠠᠳᠤᠵᠤ ᠪᠠᠶᠢᠬᠤ ᠪᠠᠨ ᠢᠯᠡᠷᠭᠡᠶᠢᠯᠡᠬᠦ ᠶᠢᠨ ᠬᠠᠮᠳᠤ ᠤᠷᠤᠰᠢᠵᠤ ᠪᠠᠶᠢᠭ᠎ᠠ ᠵᠠᠷᠢᠮ ᠪᠠᠶᠢᠳᠠᠯ ᠤᠨ ᠲᠤᠬᠠᠢ ᠲᠡᠷᠡ ᠪᠠᠷ᠄ ︽ᠮᠠᠨ ᠤ ᠡᠵᠡᠩᠨᠡᠵᠦ ᠪᠠᠶᠢᠭ᠎ᠠ ᠪᠤᠯ ᠪᠡᠯᠴᠢᠭᠡᠷ ᠤᠨ ᠮᠠᠯ ᠠᠵᠤ ᠠᠬᠤᠢ᠂ ᠡᠨᠡ ᠨᠢ ᠲᠡᠵᠢᠭᠡᠪᠤᠷᠢ ᠶᠢᠨ ᠮᠠᠯ ᠠᠵᠤ ᠠᠬᠤᠢ ᠲᠠᠢ ᠠᠳᠠᠯᠢ ᠦᠭᠡᠢ᠂ ᠪᠡᠯᠴᠢᠭᠡᠷ ᠢ ᠲᠦᠰᠢᠭᠡᠳ ᠪᠠᠭ᠎ᠠ ᠪᠡᠯᠡ ᠤᠷᠤᠭᠤᠯᠤᠯᠳᠠ ᠪᠠᠷ ᠠᠰᠢᠭ ᠬᠦᠷᠳᠡᠵᠦ ᠠᠮᠢᠳᠤᠷᠠᠯ ᠢᠶᠠᠨ ᠠᠷᠭᠠᠴᠠᠳᠠᠭ ᠮᠠᠯ ᠠᠵᠤ ᠠᠬᠤᠢ᠃ ᠮᠠᠨ ᠤ ᠨᠤᠳᠤᠭ ᠭᠠᠩ ᠭᠠᠩᠳᠠᠭᠤ᠂ ᠡᠪᠡᠰᠤ ᠪᠡᠯᠴᠢᠭᠡᠷ ᠮᠠᠭᠤ᠂ ᠮᠠᠯ ᠢᠶᠠᠨ ᠡᠪᠦᠯᠵᠢᠨ ᠲᠡᠵᠢᠭᠡᠵᠦ ᠪᠤᠷᠳᠤᠭᠠᠳ ᠲᠠᠷ ᠢᠶᠠᠨ ᠪᠠᠷᠠᠵᠤ᠂ ᠲᠦᠩᠭᠡᠵᠢ ᠬᠠᠪᠤᠷ ᠤᠨ ᠤᠷᠢᠨ ᠲᠠᠢ ᠵᠤᠯᠭᠠᠵᠤ᠂ ᠰᠠᠶᠢᠨ ᠤ ᠪᠠᠷ᠎ᠠ ᠬᠠᠷᠠᠶ᠎ᠠ ᠭᠡᠭᠦᠯᠡᠷ ᠮᠠᠯ ᠢ ᠨᠢ 1 — 2 ᠰᠠᠷ᠎ᠠ ᠬᠠᠰᠢᠶᠠᠯᠠᠭᠤᠯᠤᠨ᠎ᠠ᠂ ᠤᠯᠠᠭᠠᠨ ᠭᠤᠤᠯ ᠲᠠᠢ ᠮᠠᠯ ᠢ ᠬᠤᠷᠢᠭᠠᠳ ᠪᠠᠶᠢᠵᠤ ᠪᠤᠯᠬᠤ ᠦᠭᠡᠢ᠂ ᠠᠷᠭ᠎ᠠ ᠦᠭᠡᠢ ᠡᠪᠡᠰᠤ ᠪᠤᠷᠳᠤᠭ᠎ᠠ ᠪᠡᠯᠡᠳᠭᠡᠨ᠎ᠠ᠂ ᠮᠠᠨ ᠤ ᠬᠦᠪᠡᠭᠡᠳᠤ ᠰᠢᠷ᠎ᠠ ᠬᠤᠰᠢᠭᠤ ᠨᠤᠳᠤᠭ ᠪᠡᠯᠴᠢᠭᠡᠷ ᠪᠠᠭᠠᠳᠠᠢ ᠴᠦ ᠡᠷᠦᠭᠡ ᠪᠦᠷᠢ 100 ᠭᠠᠷᠤᠢ ᠪᠤᠭ ᠮᠠᠯ᠂ 10 ᠰᠢᠬᠠᠮ ᠦᠭᠡᠷ ᠪᠤᠢ᠂ 100 ᠬᠤᠨᠢ ᠲᠠᠢ ᠠᠶᠢᠯ ᠨᠢᠭᠡ ᠬᠤᠨᠢ ᠶᠢ ᠡᠳᠦᠷᠵᠢᠨ ᠬᠤᠷᠢᠬᠤ ᠳᠤ ᠡᠷᠭᠡᠪᠰᠢ 3 ᠵᠢᠩ ᠡᠪᠡᠰᠤ ᠪᠠᠶᠢᠬᠤ ᠦᠭᠡᠢ ᠪᠤᠯ ᠦᠯᠪᠡᠷᠦᠭᠡᠳ ᠦᠭᠦᠴᠢᠭᠡᠨ᠎ᠠ᠂ ᠬᠠᠭᠠᠰ ᠵᠢᠩ ᠪᠤᠷᠳᠤᠭ᠎ᠠ ᠪᠠᠶᠢᠬᠤ ᠦᠭᠡᠢ ᠪᠤᠯ ᠨᠤᠭᠤᠷᠠᠭᠠᠳ ᠤᠢᠢᠴᠢᠴᠢᠬᠠᠨ᠎ᠠ᠂ 3 ᠵᠢᠩ ᠡᠪᠡᠰᠤ 1.5 ᠲᠦᠭᠦᠷᠢᠭ᠂ ᠬᠠᠭᠠᠰ ᠵᠢᠩ ᠪᠤᠷᠳᠤᠭ᠎ᠠ 1 ᠲᠦᠭᠦᠷᠢᠭ᠂ ᠨᠢᠭᠡ ᠬᠤᠨᠢ ᠶᠢ ᠲᠡᠵᠢᠭᠡᠬᠦ ᠳᠤ ᠨᠢᠭᠡ ᠡᠳᠦᠷ 2.5 ᠲᠦᠭᠦᠷᠢᠭ ᠵᠠᠷᠤᠴᠠᠭᠤᠯᠵᠤ᠂ 100 ᠬᠤᠨᠢ ᠡᠳᠦᠷ ᠤᠨ 250 ᠲᠦᠭᠦᠷᠢᠭ᠂ ᠰᠠᠷ᠎ᠠ ᠶᠢᠨ 7500 ᠲᠦᠭᠦᠷᠢᠭ ᠵᠠᠷᠤᠴᠠᠭᠤᠯᠤᠨ᠎ᠠ᠃ ᠡᠨᠡ ᠵᠤᠭᠤᠰ ᠢ ᠬᠠᠮᠢᠭ᠎ᠠ ᠠᠴᠠ ᠤᠯᠤᠨ᠎ᠠ︖ ᠭᠠᠴᠢᠭᠳᠠᠬᠤ ᠶᠢᠨ ᠦᠶ᠎ᠠ ᠳᠤ ᠠᠯᠪᠠᠨ ᠤ ᠲᠠᠯ᠎ᠠ ᠶᠢᠨ ᠵᠢᠭᠡᠯᠡᠯᠭᠡ ᠳᠤ ᠲᠦᠰᠢᠭᠯᠡᠨ᠎ᠠ᠂ ᠬᠦᠮᠦᠨ ᠭᠡᠳᠡᠭ ᠰᠤᠨᠢᠨ ᠶᠤᠮ ᠡ︕ ᠵᠢᠭᠡᠯᠡᠯᠭᠡ ᠠᠪᠬᠤ ᠦᠶ᠎ᠠ ᠳᠤ ᠭᠤᠷᠪᠠᠨ ᠮᠢᠩᠭ᠎ᠠ ᠠᠪᠬᠤ ᠬᠦᠮᠦᠨ ᠲᠠᠪᠤᠨ ᠮᠢᠩᠭ᠎ᠠ ᠠᠪᠴᠢᠬᠠᠨ᠎ᠠ᠂ ᠲᠤᠯᠤᠭ᠎ᠠ ᠨᠠᠢᠮᠠᠨ ᠵᠢᠯ ᠢᠶᠠᠷ ᠵᠢᠭᠡᠯᠡᠯᠭᠡ ᠠᠪᠤᠨ᠎ᠠ᠂ ᠪᠡᠯᠴᠢᠭᠡᠷ ᠢ ᠠᠮᠠᠷᠠᠭᠤᠯᠬᠤ ᠨᠢ ᠦᠩᠭᠡᠷᠡᠯ᠎ᠠ᠂ ᠪᠠᠶᠢᠭᠠᠯᠢ ᠨᠢ ᠭᠠᠩᠳᠠᠴᠢᠬᠠᠨ᠎ᠠ᠂ ᠵᠢᠭᠡᠯᠡᠯᠭᠡ ᠪᠠᠨ ᠪᠤᠴᠠᠭᠠᠵᠤ ᠲᠡᠶᠢᠯᠬᠦ ᠦᠭᠡᠢ᠂ ᠢᠩᠭᠢᠭᠰᠡᠭᠡᠷ ᠪᠠᠶᠢᠭᠠᠳ ᠮᠠᠯᠴᠢᠳ ᠦᠷᠢ ᠶᠢᠨ ᠨᠦᠭᠡᠨ ᠳᠤ ᠤᠨᠠᠨ᠎ᠠ᠂ ᠡᠨᠡ ᠪᠤᠯ ᠪᠠᠶᠢᠪᠠᠯ ᠵᠤᠬᠢᠬᠤ ᠦᠭᠡᠢ ᠵᠠᠷᠤᠯᠭ᠎ᠠ ᠁ ᠡᠭᠦᠨ ᠤ ᠡᠰᠡᠷᠬᠦ ᠪᠠᠷ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠬᠤ ᠨᠦᠬᠦᠪᠦᠷᠢ ᠪᠠ ᠱᠠᠩᠨᠠᠯ ᠤᠨ ᠲᠦᠷᠦ ᠶᠢᠨ ᠪᠤᠳᠤᠯᠭ᠎ᠠ ᠰᠠᠶᠢᠨ᠂ ᠡᠭᠦᠨ ᠤ ᠶᠤᠰᠤ ᠶᠢ ᠲᠡᠨᠡᠭ ᠬᠦᠮᠦᠨ ᠴᠦ ᠤᠢᠢᠯᠠᠭᠠᠨ᠎ᠠ᠃ ᠭᠡᠬᠦ ᠳᠤ᠂ ᠡᠨᠡ ᠬᠦ ᠲᠦᠷᠦ ᠶᠢᠨ ᠪᠤᠳᠤᠯᠭ᠎ᠠ ᠶᠢ ᠬᠡᠷᠡᠭᠵᠢᠭᠦᠯᠬᠦ ᠳᠡᠭᠡᠨ ᠭᠠᠵᠠᠷ ᠤᠷᠤᠨ ᠤ ᠤᠷᠤᠯᠭ᠎ᠠ ᠶᠢᠨ ᠵᠦᠷᠢᠶ᠎ᠠ ᠶᠢ ᠪᠤᠳᠤᠯᠬᠢᠯᠠᠵᠤ᠂ ᠨᠤᠳᠤᠭ ᠪᠡᠯᠴᠢᠭᠡᠷ ᠪᠠᠭᠠᠳᠠᠢ ᠭᠠᠵᠠᠷ ᠤᠷᠤᠨ ᠳᠤ ᠢᠯᠡᠭᠦᠦ ᠰᠢᠭ ᠨᠦᠬᠦᠪᠦᠷᠢ ᠦᠭᠴᠦ᠂ ᠨᠤᠳᠤᠭ ᠪᠡᠯᠴᠢᠭᠡᠷ ᠶᠡᠬᠡᠳᠡᠢ ᠭᠠᠵᠠᠷ ᠤᠷᠤᠨ ᠳᠤ ᠪᠠᠭ᠎ᠠ ᠰᠢᠭ᠋ ᠨᠦᠬᠦᠪᠦᠷᠢ ᠦᠭᠴᠦ᠂ ᠦᠭᠡᠷᠡᠴᠢᠯᠡᠯᠳᠡ ᠬᠦᠭᠵᠢᠯᠳᠡ ᠶᠢᠨ ᠲᠦᠷᠦ ᠶᠢᠨ ᠪᠤᠳᠤᠯᠭ᠎ᠠ ᠶᠢ ᠬᠦᠮᠦᠨ ᠪᠦᠬᠦᠨ ᠳᠤ ᠠᠳᠠᠯᠢ ᠲᠡᠭᠰᠢ ᠡᠳ᠋ᠯᠡᠭᠦᠯᠪᠡᠯ ᠤᠯᠠᠮ ᠰᠠᠶᠢᠨ ᠪᠤᠯᠬᠤ ᠪᠠᠶᠢᠬᠤ ᠡ︾ ᠭᠡᠵᠦ ᠰᠤᠷᠪᠤᠯᠵᠢᠯᠠᠭ᠎ᠠ ᠶᠢᠨ ᠡᠴᠤᠰ ᠲᠤ ᠪᠤᠳᠤᠯ ᠢᠶᠠᠨ ᠬᠤᠪᠢᠶᠠᠯᠴᠠᠵᠤ ᠪᠢᠯᠡ᠃
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号