ᠬᠦᠬᠡᠬᠤᠳᠠ ᠶᠢᠨ ᠬᠤᠤᠷ ᠴᠠᠭᠠᠵᠠᠯᠠᠭᠰᠠᠨ ᠲᠡᠮᠳᠡᠭᠯᠡᠯ
2018-10-12 09:39:34
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
      ᠳᠡᠭᠡᠷ᠎ᠡ ᠵᠠᠭᠤᠨ ᠤ ᠨᠠᠶᠠᠭᠠᠳ ᠤᠨ ᠳᠤ᠂ ᠦᠭᠡᠷᠡᠴᠢᠯᠡᠯᠲᠡ ᠬᠢᠵᠤ ᠴᠢᠯᠦᠭᠡᠲᠡᠢ ᠶᠠᠪᠤᠯᠴᠠᠭᠰᠠᠨ ᠠᠴᠠ ᠨᠠᠭᠠᠰᠢ ᠤᠳᠤ ᠦᠶ᠎ᠠ ᠶᠢᠨ ᠪᠤᠯᠪᠠᠰᠤᠨ ᠳᠤᠮᠳᠠᠳᠤ ᠤᠯᠤᠰ ᠲᠤ ᠨᠡᠪᠴᠢᠨ ᠤᠷᠤᠵᠤ ᠢᠷᠡᠬᠦ ᠶᠢᠨ ᠬᠠᠮᠳᠣ ᠪᠠᠰᠠ ᠨᠢᠭᠡ ᠪᠦᠯᠦᠭ ᠮᠠᠭᠤ ᠮᠠᠭᠤᠬᠠᠢ ᠦᠵᠡᠭᠳᠡᠯ ᠴᠤ ᠳᠠᠭᠠᠯᠳᠤᠨ ᠪᠤᠢ ᠪᠤᠯᠪᠠ᠃ ᠳᠠᠷᠤᠢ ᠬᠤᠤᠷᠲᠤ ᠡᠳ᠋ ᠳᠠᠬᠢᠨᠲᠠ ᠬᠦᠮᠦᠰ ᠤᠨ ᠠᠳᠠᠯ ᠠᠮᠢᠳᠤᠷᠠᠯ ᠢ ᠨᠦᠯᠦᠭᠡᠯᠡᠵᠤ ᠡᠬᠢᠯᠡᠪᠡ᠃ ᠡᠨᠡ ᠤᠳᠠᠭ᠎ᠠ ᠶᠢᠨ ᠬᠤᠤᠷᠲᠤ ᠡᠳ᠋ ᠨᠢ ᠤᠯᠠᠮᠵᠢᠯᠠᠯᠲᠤ ᠤᠳᠬ᠎ᠠ ᠠᠭᠤᠯᠭ᠎ᠠ ᠳᠠᠬᠢ ᠬᠠᠷ᠎ᠠ ᠲᠠᠮᠠᠬᠢ ᠶᠢᠨ ᠳᠠᠶᠢᠨ ᠠᠴᠠ ᠤᠨᠳᠤᠤ ᠪᠠᠶᠢᠵᠤ᠂ ᠡᠾᠧᠷᠦᠶ᠋ᠢᠨ᠂ ᠮᠤᠷᠹᠢᠨ ᠤ ᠲᠦᠷᠦᠯ ᠤᠨ ᠬᠤᠤᠷᠲᠤ ᠡᠳ᠋ ᠢᠶᠠᠷ ᠭᠤᠤᠯᠯᠠᠵᠤ᠂ 21 ᠳ᠋ᠤᠭᠡᠷ ᠵᠠᠭᠤᠨ ᠤ ᠡᠬᠢᠨ ᠳᠤ ᠮᠧᠲ᠋ᠠᠮᠹᠧᠲ᠋ᠠᠮᠢᠨ ᠮᠧᠲ᠋ᠢᠯ ᠪᠧᠨᠽᠧᠨ ᠠᠮᠢᠨ ᠵᠡᠷᠭᠡ ᠶᠢ ᠨᠡᠶᠢᠯᠡᠭᠦᠯᠦᠭᠰᠡᠨ ᠬᠤᠤᠷᠲᠤ ᠡᠳ᠋ ᠰᠢᠨ᠋ ᠎ᠠ ᠪᠠᠷ ᠨᠡᠮᠡᠭᠳᠡᠪᠠ᠃      1990 ᠤᠨ ᠳᠤ ᠬᠦᠬᠡᠬᠤᠲᠠᠨ᠎ᠠ ᠬᠠᠮᠤᠭ ᠤᠨ ᠠᠩᠬᠠᠨ ᠤ ᠬᠠᠯᠠᠭᠠᠵᠤ ᠰᠤᠷᠤᠬᠤ ᠡᠾᠧᠷᠦᠶ᠋ᠢᠨ ᠤ ᠬᠡᠷᠡᠭ ᠢ ᠢᠯᠡᠷᠡᠭᠦᠯᠦᠭᠰᠡᠨ ᠨᠢ 40 ᠵᠢᠯ ᠪᠠᠷᠠᠭ᠋ ᠎ᠠ ᠲᠠᠰᠤ ᠪᠤᠯᠤᠭᠰᠠᠨ ︽ᠬᠠᠷ᠎ᠠ ᠲᠠᠮᠠᠬᠢ ᠲᠠᠲᠠᠬᠤ︾ ᠠᠰᠠᠭᠤᠳᠠᠯ ᠳᠠᠬᠢᠨᠲᠠ ᠰᠡᠷᠭᠦᠭᠰᠡᠨ ᠭᠡᠳᠡᠭ ᠢ ᠬᠠᠷᠠᠭᠤᠯᠪᠠ᠃ ᠦᠭᠡᠷᠡᠴᠢᠯᠠᠯᠲᠡ ᠬᠢᠵᠤ ᠴᠢᠯᠦᠭᠡᠳᠡᠢ ᠶᠠᠪᠤᠯᠴᠠᠭᠰᠠᠨ 40 ᠵᠢᠯ ᠢ ᠡᠷᠬᠢᠴᠡᠭᠦᠯᠪᠡᠯ ᠬᠦᠬᠡᠬᠤᠲᠠ ᠶᠢᠨ ᠬᠤᠤᠷᠲᠤ ᠡᠳ᠋ ᠤᠨ ᠠᠰᠠᠭᠤᠳᠠᠯ ᠨᠢ ᠳᠤᠤᠷᠠᠬᠢ ᠮᠡᠳᠤ ᠬᠠᠨᠳᠤᠰᠢ ᠪᠠ ᠤᠨᠴᠠᠯᠢᠭ ᠲᠠᠢ᠃      ᠬᠤᠤᠷ ᠲᠠᠲᠠᠭᠴᠢ ᠵᠢᠯ ᠠᠴᠠ ᠵᠢᠯ ᠠᠷᠪᠢᠳᠴᠦ ᠪᠠᠶᠢᠨ᠋ ᠎ᠠ᠃ 1990 ᠤᠨ ᠳᠤ 10 ᠬᠤᠤᠷ ᠲᠠᠲᠠᠭᠴᠢ ᠶᠢ ᠪᠠᠶᠢᠴᠠᠭᠠᠨ ᠢᠯᠡᠷᠡᠭᠦᠯᠵᠤ ᠪᠠᠶᠢᠭᠰᠠᠨ ᠪᠤᠯ 1994 ᠤᠨ ᠪᠤᠯᠬᠤ ᠳᠤ 284 ᠬᠤᠤᠷ ᠲᠠᠲᠠᠭᠴᠢ ᠶᠢ ᠪᠠᠶᠢᠴᠠᠭᠠᠨ ᠢᠯᠡᠷᠡᠭᠦᠯᠵᠤ ︵ᠰᠢᠨ᠎ᠠ ᠪᠠᠷ 55 ᠬᠦᠮᠦᠨ ᠨᠡᠮᠡᠭᠳᠡᠪᠡ︶᠂ 1999 ᠤᠨ ᠳᠤ 250 ᠬᠤᠤᠷ ᠲᠠᠲᠠᠭᠴᠢ ᠶᠢ ᠪᠠᠶᠢᠴᠠᠭᠠᠨ ᠢᠯᠡᠷᠡᠭᠦᠯᠵᠤ ︵ᠰᠢᠨ᠋ ᠎ᠠ ᠪᠠᠷ 146 ᠬᠦᠮᠦᠨ ᠨᠡᠮᠡᠭᠳᠡᠪᠡ︶᠂ 2004 ᠤᠨ ᠳᠤ 654 ᠬᠤᠤᠷ ᠲᠠᠲᠠᠭᠴᠢ ᠶᠢ ᠪᠠᠶᠢᠴᠠᠭᠠᠨ ᠢᠯᠡᠷᠡᠭᠦᠯᠵᠤ ︵ᠰᠢᠨ᠋ ᠎ᠠ ᠪᠠᠷ 541 ᠬᠦᠮᠦᠨ ᠨᠡᠮᠡᠭᠳᠡᠪᠡ︶᠂ 2009 ᠤᠨ ᠳᠤ 893 ᠬᠤᠤᠷ ᠲᠠᠲᠠᠭᠴᠢ ᠶᠢ ᠪᠠᠶᠢᠴᠠᠭᠠᠨ ᠢᠯᠡᠷᠡᠭᠦᠯᠪᠡ ︵ᠰᠢᠨ᠎ᠠ ᠪᠠᠷ 599 ᠬᠦᠮᠦᠨ ᠨᠡᠮᠡᠭᠳᠡᠪᠡ︶᠃ ᠶᠡᠷᠦᠩᠬᠡᠢ ᠬᠠᠨᠳᠤᠰᠢ ᠠᠴᠠ ᠨᠢ ᠦᠵᠡᠪᠡᠯ ᠬᠦ᠋ᠮᠦᠨ ᠤ ᠲᠤᠭ᠋ ᠎ᠠ ᠵᠢᠯ ᠠᠴᠠ ᠵᠢᠯ ᠨᠡᠮᠡᠭᠳᠡᠵᠤ ᠪᠠᠶᠢᠬᠤ ᠮᠦᠷᠲᠡᠭᠡᠨ ᠰᠢᠨ᠎ᠠ ᠬᠤᠤᠷ ᠲᠠᠲᠠᠭᠴᠢ ᠶᠢᠨ ᠲᠤᠭ᠋ ᠎ᠠ ᠴᠤ ᠲᠠᠰᠤᠷᠠᠯᠲᠠ ᠦᠭᠡᠢ ᠨᠡᠮᠡᠭᠳᠡᠵᠤ ᠪᠠᠶᠢᠨ᠎ᠠ᠃ 2018 ᠤᠨ ᠤ 5 ᠰᠠᠷ᠎ᠠ ᠶᠢᠨ ᠰᠡᠭᠦᠯᠴᠢ ᠪᠤᠯᠬᠤ ᠳᠤ ᠪᠦᠬᠦ ᠬᠤᠲᠠ ᠶᠢᠨ ᠬᠠᠮᠢᠶᠠᠷᠤᠨ ᠡᠵᠡᠮᠳᠡᠭᠰᠡᠨ ᠬᠤᠤᠷ ᠲᠠᠲᠠᠭᠴᠢ 1.3 ᠲᠦᠮᠡᠨ ᠬᠦᠮᠦᠨ ᠳᠤ ᠬᠦᠷᠪᠡ᠃ ᠬᠤᠤᠷ ᠲᠠᠲᠠᠭᠴᠢ ᠨᠢᠭᠡ ᠪᠦᠷᠢ ᠶᠢᠨ ᠠᠷᠤ ᠳᠤ ᠪᠠᠰᠠ ᠨᠢᠭᠡ ᠨᠢᠭᠤᠭᠳᠠᠮᠠᠯ ᠬᠤᠤᠷ ᠲᠠᠲᠠᠭᠴᠢ ︵ᠪᠠᠶᠢᠴᠠᠭᠠᠨ ᠢᠯᠡᠷᠡᠭᠦᠯᠦᠭᠡᠳᠣᠢ︶ ᠪᠠᠶᠢᠨ᠎ᠠ ᠭᠡᠵᠤ ᠲᠤᠭᠠᠴᠠᠭᠠᠯᠠᠨ ᠪᠤᠳᠤᠪᠠᠯ᠂ ᠤᠳᠤᠬᠠᠨ ᠳᠤ ᠬᠦᠬᠡᠬᠤᠲᠠ ᠳᠤ ᠪᠠᠷᠤᠭ 3 ᠲᠦᠮᠠᠡ ᠬᠤᠤᠷ ᠲᠠᠲᠠᠭᠴᠢ ᠪᠠᠶᠢᠵᠤ᠂ ᠪᠦᠬᠦ ᠬᠤᠲᠠ ᠶᠢᠨ ᠬᠤᠲᠠ ᠪᠠᠯᠭᠠᠰᠤᠨ ᠤ ᠬᠦᠮᠦᠨ ᠠᠮᠠ ᠶᠢᠨ 1%᠎ ᠶᠢ ᠡᠵᠡᠯᠡᠵᠤ ᠪᠠᠶᠢᠨ᠎ᠠ᠃      ᠬᠤᠤᠷᠲᠤ ᠡᠳ᠋ ᠤᠨ ᠲᠦᠷᠦᠯ ᠵᠦᠢᠯ ᠨᠢ ᠤᠯᠠᠨ᠃ 1990 ᠤᠨ ᠠᠴᠠ ᠡᠮᠦᠨ᠎ᠠ ᠠᠷᠠᠳ ᠤᠨ ᠳᠤᠮᠳᠡᠬᠢ ᠬᠤᠤᠷᠲᠤ ᠡᠳ᠋ ᠨᠢ ᠬᠠᠷ᠎ᠠ ᠲᠠᠮᠠᠬᠢ ᠪᠠᠷ ᠭᠤᠤᠯᠯᠠᠵᠤ ᠪᠠᠶᠢᠪᠠ︔ 1990 ᠤᠨ ᠠᠴᠠ 2001 ᠤᠨ ᠪᠤᠯᠲᠠᠯᠠᠬᠢ ᠬᠤᠤᠷᠲᠤ ᠡᠳ᠋ ᠨᠢ ᠨᠤᠲᠤᠭ ᠤᠨ ᠠᠷᠭ᠎ᠠ ᠪᠠᠷ ᠦᠢᠯᠡᠳᠪᠦᠷᠢᠯᠡᠭᠰᠡᠨ ᠡᠾᠧᠷᠦᠶ᠋ᠢᠨ ᠢᠶᠠᠷ ᠭᠤᠤᠯᠯᠠᠵᠤ᠂ ᠬᠠᠷ᠎ᠠ ᠲᠠᠮᠠᠬᠢ ᠵᠡᠷᠭᠡ ᠳᠠᠭᠠᠯᠳᠤᠵᠤ ᠪᠠᠶᠢᠪᠠ︔ 2002 ᠤᠨ ᠠᠴᠠ ᠤᠳᠤ ᠪᠤᠯᠲᠠᠯ᠎ᠠ ᠮᠦᠨ ᠨᠤᠲᠤᠭ ᠤᠨ ᠠᠷᠭ᠎ᠠ ᠪᠠᠷ ᠦᠢᠯᠡᠳᠪᠦᠷᠢᠯᠡᠭᠰᠡᠨ ᠡᠾᠧᠷᠦᠶ᠋ᠢᠨ᠂ ︽ᠴᠠᠭᠠᠨ ᠨᠤᠨᠳᠠᠭ︾᠎ ᠢᠶᠠᠷ ᠭᠤᠤᠯᠯᠠᠵᠤ᠂ ᠳᠠᠷᠠᠭ᠎ᠠ ᠨᠢ ᠮᠧᠲ᠋ᠠᠮᠹᠧᠲ᠋ᠠᠮᠢᠨ᠂ ᠲᠤᠯᠤᠭᠠᠢ ᠰᠠᠵᠢᠬᠤ ᠡᠮ᠂ k ᠨᠤᠨᠳᠠᠭ ᠵᠡᠷᠭᠡ ᠶᠢ ᠨᠡᠶᠢᠯᠡᠭᠦᠯᠦᠭᠰᠡᠨ ᠬᠤᠤᠷᠲᠤ ᠡᠳ᠋᠂ ᠪᠠᠰᠠ ᠺᠤᠺᠠᠶᠢᠨ᠂ ᠺᠤᠹᠧᠶᠢᠨ ᠵᠡᠷᠭᠡ ᠪᠠᠶᠢᠨ᠋ ᠎ᠠ᠃      ᠬᠤᠤᠷᠲᠤ ᠡᠳ᠋ ᠤᠨ ᠢᠷᠡᠯᠳᠡ ᠶᠢᠨ ᠤᠷᠤᠨ ᠪᠠ ᠲᠡᠭᠡᠭᠡᠪᠤᠷᠢ ᠶᠢᠨ ᠠᠷᠭ᠎ᠠ ᠮᠠᠶ᠋ᠢᠭ ᠨᠢ ᠤᠯᠠᠨ ᠶᠠᠩᠵᠤᠲᠤ ᠴᠢᠨᠠᠷ ᠲᠠᠢ ᠪᠣᠯᠵᠣ ᠪᠠᠶᠢᠨ᠎ᠠ᠃ 1991 ᠤᠨ ᠠᠴᠠ ᠡᠬᠢᠯᠡᠭᠡᠳ ᠬᠤᠤᠷ ᠲᠠᠲᠠᠵᠤ ᠰᠠᠷᠢᠭᠠᠯᠠᠬᠤ ᠠᠵᠢᠯᠯᠠᠭ᠎ᠠ ᠱᠠᠨ ᠰᠢ᠂ ᠡᠾᠧᠪᠸᠢ᠂ ᠭᠠᠨᠰᠤ ᠠᠴᠠ ᠠᠯᠭᠤᠷ ᠠᠭᠠᠵᠢᠮ ᠢᠶᠠᠷ ᠬᠦᠬᠡᠬᠤᠲᠠ ᠶᠢᠨ ᠭᠠᠵᠠᠷ ᠣᠷᠣᠨ ᠬᠦ᠋ᠷᠲᠡᠯ᠎ᠠ ᠦᠷᠭᠡᠵᠢᠨ ᠲᠡᠯᠡᠪᠡ᠃ ᠳᠠᠷᠠᠭ᠋ ᠎ᠠ ᠨᠢ ᠵᠡᠭᠦᠨ ᠬᠤᠶᠢᠲᠤ ᠶᠢᠨ ᠭᠤᠷᠪᠠᠨ ᠮᠤᠵᠢ᠂ ᠠᠨᠾᠦ᠋ᠢ᠂ ᠡᠾᠧᠨᠡᠨ ᠵᠡᠷᠭᠡ ᠮᠤᠵᠢ ᠤᠷᠤᠨ ᠤ ᠬᠤᠤᠷᠲᠤ ᠡᠳ᠋ ᠴᠤ ᠲᠠᠰᠤᠷᠠᠯᠲᠠ ᠦᠭᠡᠢ ᠤᠷᠤᠰᠦᠨ ᠤᠷᠤᠵᠤ ᠢᠷᠡᠵᠣ ᠪᠣᠢ᠃ ᠬᠦᠬᠡᠬᠤᠲᠠ ᠶᠢᠨ ᠬᠤᠤᠷ ᠰᠠᠷᠢᠭᠠᠯᠠᠭᠴᠢ ᠪᠤᠯᠤᠨ ᠭᠠᠳᠠᠷ ᠮᠤᠵᠢ ᠤᠷᠤᠨ ᠤ ᠬᠤᠤᠷ ᠰᠠᠷᠢᠭᠠᠯᠠᠭᠴᠢ ᠬᠠᠷᠢᠯᠴᠠᠨ ᠰᠦᠯᠪᠡᠬᠡᠯᠳᠤᠵᠤ᠂ ᠬᠠᠷ᠎ᠠ ᠲᠠᠮᠠᠬᠢ ᠶᠢ ᠦᠨᠳᠦᠷ ᠦᠨ᠎ᠠ ᠪᠠᠷ ᠬᠤᠳᠠᠯᠳᠤᠨ ᠠᠪᠴᠤ᠂ ᠲᠦᠮᠡᠳ ᠵᠡᠭᠦᠨ ᠬᠤᠰᠢᠭᠤ᠂ ᠲᠤᠭᠲᠠᠬᠤ ᠰᠢᠶᠠᠨ᠂ ᠬᠤᠷᠢᠨᠭᠡᠷ ᠰᠢᠶᠠᠨ ᠪᠠ ᠬᠤᠲᠠ ᠶᠢᠨ ᠲᠡᠭᠦᠷᠭᠡ ᠳᠤ ᠡᠾᠧᠷᠦᠶ᠋ᠢᠨ ᠢ ᠨᠤᠲᠤᠭ ᠤᠨ ᠠᠷᠭ᠎ᠠ ᠪᠠᠷ ᠦᠢᠯᠡᠳᠪᠦᠷᠢᠯᠡᠨ ᠪᠤᠯᠪᠠᠰᠤᠷᠠᠭᠤᠯᠪᠠ᠃ ᠡᠭᠦᠨ ᠤ ᠬᠠᠮᠲᠤ ᠪᠤᠭᠤᠲᠤ ᠬᠤᠲᠠ ᠶᠢᠨ ᠳ᠋ᠦᠡᠭ ᠡᠾᠸᠧ ᠲᠤᠭᠤᠷᠢᠭ ᠪᠠ ᠲᠦᠮᠡᠳ ᠪᠠᠷᠠᠭᠤᠨ ᠬᠤᠰᠢᠭᠤ ᠶᠢᠨ ᠬᠤᠤᠷ ᠦᠢᠯᠡᠳᠪᠦᠷᠢᠯᠡᠵᠤ ᠰᠠᠷᠢᠭᠠᠯᠠᠭᠴᠢ ᠲᠠᠰᠤᠷᠠᠯᠲᠠ ᠦᠭᠡᠢ ᠬᠦᠬᠡᠬᠤᠲᠠ ᠶᠢᠨ ᠬᠤᠤᠷ ᠲᠠᠲᠠᠭᠴᠢᠳ ᠲᠤ ᠨᠤᠲᠤᠭ ᠤᠨ ᠠᠷᠭ᠋ ᠎ᠠ ᠪᠠᠷ ᠦᠢᠯᠡᠳᠪᠦᠷᠢᠯᠡᠭᠰᠡᠨ ᠡᠾᠧᠷᠦᠶ᠋ᠢᠨ ᠢ ᠬᠠᠨᠭ᠍ᠭᠠᠨ ᠦᠭᠴᠤ᠂ ᠬᠤᠤᠷ ᠲᠠᠲᠠᠨ ᠰᠠᠷᠢᠭᠠᠯᠠᠬᠤ ᠠᠵᠢᠯᠯᠠᠭ᠋ ᠎ᠠ ᠶᠢᠨ ᠦᠷᠭᠡᠵᠢᠨ ᠲᠡᠯᠡᠬᠦ ᠶᠢ ᠲᠦᠷᠭᠡᠳᠬᠡᠪᠡ᠃ 2002 ᠤᠨ ᠠᠴᠠ ᠤᠳᠤ ᠪᠤᠯᠲᠠᠯ ᠎ᠠ ᠮᠧᠲ᠋ᠠᠮᠹᠧᠲ᠋ᠠᠮᠢᠨ᠂ ᠲᠤᠯᠤᠭᠠᠢ ᠰᠠᠵᠢᠬᠤ ᠡᠮ᠂ k ᠨᠤᠨᠳᠠᠭ ᠵᠡᠷᠭᠡ ᠨᠢ ᠰᠢᠤᠳᠠᠨ ᠭᠤᠪᠢᠭᠤᠯᠭ᠎ᠠ ᠶᠢᠨ ᠳᠤᠮᠳᠠ ᠬᠠᠪᠴᠢᠭᠤᠯᠤᠭᠳᠠᠨ᠂ ᠭᠤᠸᠠᠩᠳᠦ᠋ᠡᠭ ᠪᠠ ᠵᠠᠭᠦᠨ ᠬᠤᠶᠢᠲᠤ ᠶᠢᠨ ᠭᠤᠷᠪᠠᠨ ᠮᠤᠵᠢ ᠠᠴᠠ ᠪᠠᠷᠠᠭᠠᠨ ᠤ ᠲᠡᠭᠡᠭᠡᠪᠦᠷᠢ ᠵᠡᠷᠭᠡ ᠪᠠᠷ ᠵᠦᠭᠡᠭᠡᠪᠦᠷᠢᠯᠡᠭᠳᠡᠨ ᠢᠷᠡᠳᠡᠭ᠃ ᠤᠷᠴᠢᠮ ᠤᠨ ᠵᠢᠯ ᠰᠧᠴᠤᠸᠠᠨ᠂ ᠴᠦᠡᠭᠴᠢᠩ᠂ ᠱᠠᠨ ᠰᠢ᠂ ᠡᠾᠧᠪᠸᠢ ᠵᠡᠷᠬᠡ ᠮᠤᠵᠢ ᠬᠤᠲᠠ ᠠᠴᠠ ᠢᠨᠲᠧᠷ ᠰᠦᠯᠵᠢᠶ᠎ᠠ᠂ ᠰᠢᠤᠳᠠᠨ ᠭᠤᠪᠢᠭᠤᠯᠭ᠋ ᠎ᠠ ᠵᠡᠷᠭᠡ ᠠᠷᠭ᠋ ᠎ᠠ ᠬᠡᠯᠪᠡᠷᠢ ᠪᠠᠷ ᠬᠦᠬᠡᠬᠤᠲᠠ ᠳᠤ ᠵᠦᠭᠡᠭᠡᠪᠦᠷᠢᠯᠡᠭᠳᠡᠨ ᠢᠷᠡᠵᠤ ᠪᠠᠶᠢᠨ᠋ ᠎ᠠ᠃      ᠬᠤᠤᠷᠲᠤ ᠡᠳ᠋ ᠤᠨ ᠬᠤᠳᠠᠯᠳᠤᠨ ᠠᠪᠬᠤ ᠵᠠᠬ᠎ᠠ ᠳᠡᠯᠭᠡᠭᠦᠷ ᠲᠡᠰᠤᠷᠠᠯᠲᠠ ᠦᠭᠡᠢ ᠦᠷᠭᠡᠵᠢᠵᠤ ᠪᠠᠶᠢᠨ᠎ᠠ᠃ ᠠᠩᠬ᠎ᠠ ᠡᠬᠢᠨ ᠳᠡᠭᠡᠨ ᠬᠤᠤᠷ ᠲᠠᠢ ᠬᠤᠯᠪᠤᠭᠳᠠᠭᠰᠠᠨ ᠭᠠᠵᠠᠷ ᠨᠢ ᠬᠤᠲᠠ ᠪᠤᠶᠤ ᠬᠤᠲᠠ ᠶᠢᠨ ᠲᠡᠭᠦᠷᠭᠡ ᠳᠤ ᠲᠦᠪᠯᠡᠷᠡᠵᠤ᠂ ᠬᠤᠤᠷ ᠲᠠᠳᠠᠬᠤ ᠲᠠᠯᠠᠪᠠᠢ ᠨᠢ ᠴᠡᠴᠡᠷᠯᠢᠭ᠂ ᠳᠠᠭᠤᠤ ᠪᠦᠵᠢᠭ ᠤᠨ ᠭᠠᠵᠠᠷ᠂ ᠺᠤᠹᠧ ᠶᠢᠨ ᠮᠤᠬᠤᠯᠠᠭ᠂ ᠬᠤᠭᠤᠯᠠᠨ ᠭᠡᠷ᠂ ᠠᠷᠢᠬᠢᠨ ᠤ ᠪᠠᠭᠠᠷ᠂ ᠦᠰᠦ ᠵᠠᠰᠠᠬᠤ ᠭᠠᠵᠠᠷ᠂ ᠲᠠᠻᠰᠢ ᠵᠡᠷᠭᠡ ᠭᠠᠵᠠᠷ ᠢᠶᠠᠷ ᠲᠦᠪᠯᠡᠷᠡᠵᠤ ᠪᠠᠶᠢᠭᠰᠠᠨ ᠪᠤᠯ ᠤᠳᠤ ᠡᠯ ᠎ᠠ ᠬᠤᠰᠢᠭᠤ ᠰᠢᠶᠡᠨ ᠬᠦᠷᠲᠡᠯ᠎ᠠ ᠦᠷᠭᠡᠵᠢᠨ ᠲᠠᠯᠠᠵᠠᠢ᠃ ᠤᠳᠤᠬᠠᠨ ᠳᠤ ᠪᠦᠬᠦ ᠬᠤᠲᠠ ᠶᠢᠨ ᠶᠢᠰᠦᠨ ᠬᠤᠰᠢᠭᠤ ᠰᠢᠶᠡᠨ ᠴᠦᠮ ᠠᠳᠠᠯᠢ ᠪᠤᠰᠤ ᠬᠡᠮᠵᠢᠶ ᠎ᠠ ᠪᠠᠷ ᠬᠤᠤᠷᠲᠤ ᠡᠳ᠋ ᠲᠠᠢ ᠬᠤᠯᠪᠤᠭᠳᠠᠵᠤ᠂ ᠡᠭᠦᠨ ᠳᠤ ᠬᠤᠲᠠ ᠶᠢᠨ ᠳᠦᠷᠪᠡᠨ ᠲᠤᠭᠤᠷᠢᠭ᠂ ᠲᠦᠮᠡᠳ ᠵᠠᠭᠦᠨ ᠬᠤᠰᠢᠭᠤᠨ ᠤ ᠬᠤᠤᠷ ᠲᠠᠲᠠᠭᠴᠢ ᠲᠡᠭᠰᠢᠳᠬᠡᠭᠡᠳ ᠮᠢᠩᠭᠠᠨ ᠬᠦᠮᠦᠨ ᠠᠴᠠ ᠳᠡᠪᠡᠪᠡ᠃      ᠤᠯᠠᠨ ᠵᠢᠯ ᠤᠨ ᠲᠤᠷᠰᠢ ᠬᠦᠬᠡᠬᠤᠲᠠ ᠶᠢᠨ ᠡᠯ᠎ᠠ ᠱᠠᠲᠤᠨ ᠤ ᠬᠤᠤᠷ ᠴᠠᠭᠠᠵᠠᠯᠠᠬᠤ ᠰᠠᠯᠠᠭ᠋ ᠎ᠠ ᠮᠦᠴᠢᠷ ᠨᠢ ᠨᠠᠮ ᠤᠨ ᠬᠤᠷᠢᠶ ᠎ᠠ ᠵᠠᠰᠠᠭ ᠤᠨ ᠤᠷᠳᠤᠨ ᠪᠠ ᠳᠡᠭᠡᠳᠤ ᠱᠠᠲᠤᠨ ᠤ ᠬᠤᠤᠷ ᠴᠠᠭᠠᠵᠠᠯᠠᠬᠤ ᠰᠠᠯᠠᠭ᠋ ᠎ᠠ ᠮᠦᠴᠢᠷ ᠤᠨ ᠡᠷᠡᠰ ᠴᠢᠩᠭ᠎ᠠ ᠤᠳᠤᠷᠢᠳᠤᠯᠭ᠎ᠠ ᠳᠤᠤᠷ᠎ᠠ ᠲᠦᠪ ᠪᠠ ᠦᠪᠡᠷᠲᠡᠭᠡᠨ ᠵᠠᠰᠠᠬᠤ ᠤᠷᠤᠨ ᠤ ᠡᠯ᠎ᠠ ᠬᠤᠭᠤᠴᠠᠭᠠᠨ ᠤ ᠬᠤᠤᠷ ᠴᠠᠭᠠᠵᠠᠯᠠᠬᠤ ᠠᠵᠢᠯ ᠤᠨ ᠴᠢᠬᠤᠯᠠ ᠶᠡᠭᠡ ᠰᠢᠢᠳᠪᠦᠷᠢ ᠪᠠ ᠪᠠᠶᠢᠯᠳᠤᠬᠤ ᠪᠤᠳᠤᠯᠭ᠋ ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠴᠤᠬᠢᠯᠲᠠ ᠦᠭᠬᠦ᠂ ᠰᠤᠷᠭᠠᠨ ᠬᠦᠮᠦᠵᠢᠭᠦᠯᠬᠦ᠂ ᠬᠢᠨᠠᠨ ᠬᠠᠮᠢᠶᠠᠷᠬᠤ᠂ ᠪᠦᠲᠦᠭᠡᠨ ᠪᠠᠶᠢᠭᠤᠯᠬᠤ ᠵᠡᠷᠭᠡ ᠰᠢᠷᠢᠰ ᠠᠵᠢᠯ ᠤᠨ ᠠᠷᠭ᠋ ᠎ᠠ ᠬᠡᠮᠵᠢᠶ ᠎ᠠ ᠠᠪᠴᠤ᠂ ᠬᠤᠤᠷᠲᠤ ᠡᠳ᠋ ᠤᠨ ᠠᠰᠠᠭᠤᠳᠠᠯ ᠢ ᠶᠡᠷᠦᠩᠬᠡᠶᠢᠯᠡᠨ ᠴᠡᠭᠴᠡᠯᠡᠨ ᠵᠠᠰᠠᠵᠤ᠂ ᠲᠦᠪ ᠬᠤᠲᠠ ᠶᠢᠨ ᠨᠡᠶᠢᠭᠡᠮ ᠤᠨ ᠠᠮᠤᠷ ᠲᠤᠭᠲᠠᠭᠤᠨ ᠪᠠ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠦᠳᠲᠡᠷ ᠲᠦᠷᠭᠡᠨ ᠬᠦᠭᠵᠢᠯᠲᠠ ᠳᠤ ᠬᠤᠪᠢ ᠨᠡᠮᠡᠷᠢ ᠦᠵᠡᠭᠦᠯᠦᠭᠰᠡᠭᠡᠷ ᠢᠷᠡᠪᠡ᠃      2008 ᠤᠨ ᠤ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠤᠤᠷ ᠴᠠᠭᠠᠵᠠᠯᠠᠬᠤ ᠬᠠᠤᠯᠢ︾᠎ ᠶᠢ ᠨᠡᠶᠢᠲᠡᠯᠡᠨ ᠬᠡᠷᠡᠭᠵᠢᠭᠦᠯᠬᠦ ᠠᠴᠠ ᠡᠮᠦᠨ᠋ ᠎ᠠ ᠬᠦᠬᠡᠬᠤᠲᠠ ᠤᠷᠢᠳ ᠬᠤᠵᠢᠳ ᠤᠯᠠᠨ ᠤᠳᠠᠭ᠋ ᠎ᠠ ᠶᠡᠭᠡ ᠪᠠᠭ᠎ᠠ ᠬᠡᠪᠴᠢᠶᠠᠨ ᠤ ᠬᠤᠤᠷᠲᠤ ᠡᠳ᠋ ᠲᠤ ᠴᠤᠬᠢᠯᠲᠠ ᠦᠭᠴᠤ ᠴᠡᠭᠴᠡᠯᠡᠨ ᠵᠠᠰᠠᠬᠤ ᠠᠵᠢᠯᠯᠠᠭ᠎ᠠ ᠶᠢ ᠦᠷᠨᠢᠭᠦᠯᠪᠡ᠃ 2005 ᠤᠨ ᠠᠴᠠ 2007 ᠤᠨ ᠪᠤᠯᠲᠠᠯ ᠎ᠠ ᠭᠤᠷᠪᠠᠨ ᠵᠢᠯ ᠲᠠᠷᠠᠭᠠᠯᠠᠨ ︽ᠬᠤᠤᠷ ᠴᠠᠭᠠᠵᠠᠯᠠᠨ ᠴᠢᠩᠭ᠌ ᠎ᠠ ᠴᠤᠬᠢᠯᠲᠠ ᠦᠭᠭᠦ︾᠂ ︽ᠡᠬᠢ ᠡᠭᠦᠰᠪᠤᠷᠢ ᠶᠢ ᠨᠢ ᠲᠠᠰᠤᠯᠬᠤ︾᠂ ︽ᠬᠤᠤᠷ ᠲᠠᠲᠠᠬᠤ ᠪᠠᠨ ᠵᠤᠭᠰᠤᠬᠤ︾᠂ ︽ᠴᠢᠩᠭ᠎ᠠ ᠬᠠᠮᠢᠶᠠᠷᠤᠨ ᠬᠤᠤᠷ ᠴᠠᠭᠠᠵᠠᠯᠠᠬᠤ ︾ ᠵᠡᠷᠭᠡ ᠠᠵᠢᠯᠯᠠᠭ᠎ᠠ ᠦᠷᠨᠢᠭᠦᠯᠵᠤ᠂ ᠦᠷᠭᠦᠯᠵᠢᠯᠡᠭᠰᠡᠨ ᠴᠠᠭ ᠨᠢ ᠤᠷᠲᠤ᠂ ᠪᠠᠷᠢᠪᠴᠢᠯᠠᠵᠣ ᠬᠤᠷᠢᠶᠠᠮᠵᠢᠯᠠᠬᠰᠠᠨ ᠬᠤᠤᠷᠲᠤ ᠡᠳ᠋ ᠤᠨ ᠲᠦᠷᠦᠯ ᠵᠦᠢᠯ ᠨᠢ ᠤᠯᠠᠨ᠂ ᠬᠤᠤᠷᠲᠤ ᠡᠳ᠋ ᠲᠠᠢ ᠬᠤᠯᠪᠤᠭᠳᠠᠭᠰᠠᠨ ᠬᠦᠷᠢᠶ᠎ᠠ ᠬᠡᠪᠴᠢᠶ᠎ᠠ ᠨᠢ ᠦᠷᠭᠡᠨ᠂ ᠦᠷ᠎ᠠ ᠪᠦᠲᠦᠮᠵᠢ ᠨᠢ ᠮᠠᠰᠢ ᠢᠯᠡᠷᠬᠡᠢ ᠪᠤᠯᠪᠠ᠃      2010 ᠤᠨ ᠠᠴᠠ ᠨᠠᠭᠠᠰᠢ ᠬᠦᠬᠡᠬᠤᠲᠠ ᠶᠢᠨ ᠲᠤᠳᠤᠭᠠᠳᠤ ᠶᠢ ᠬᠠᠮᠠᠭᠠᠯᠠᠬᠤ ᠪᠠᠶᠢᠭᠤᠯᠭ᠋ ᠎ᠠ ᠪᠦᠬᠦ ᠤᠯᠤᠰ ᠤᠨ ᠴᠢᠨᠠᠷᠲᠠᠢ ︽ᠬᠤᠤᠷ ᠢ ᠴᠡᠪᠡᠷᠯᠡᠵᠤ᠂ ᠡᠷᠡᠬᠦᠯ ᠮᠡᠨᠳᠤ ᠪᠠᠨ ᠪᠠᠲᠤᠯᠠᠬᠤ︾᠂ ︽ᠵᠠᠭᠤᠨ ᠬᠤᠲᠠ ᠶᠢᠨ ᠬᠠᠮᠳᠤᠷᠠᠭᠰᠠᠨ ᠳᠠᠶᠢᠯᠠᠯᠳᠤᠭᠠᠨ︾᠎ ᠳᠤ ᠤᠷᠤᠯᠴᠠᠭᠰᠠᠨ ᠠᠴᠠ ᠭᠠᠳᠠᠨ᠎ᠠ ᠵᠢᠷᠭᠤᠭᠠᠨ ᠵᠢᠯ ᠳᠠᠷᠠᠭᠠᠯᠠᠨ ᠪᠦᠬᠦ ᠬᠤᠲᠠ ᠶᠢᠨ ᠬᠡᠪᠴᠢᠶᠡᠨ ᠳᠤ ᠤᠯᠠᠨ ᠲᠦᠷᠦᠯ ᠤᠨ ᠴᠠᠭᠳᠠᠭ᠎ᠠ ᠶᠢᠨ ᠬᠤᠯᠪᠤᠭᠠᠯᠠᠭᠰᠠᠨ ︽ᠬᠤᠤᠷᠲᠤ ᠡᠳ᠋ ᠲᠠᠢ ᠬᠤᠯᠪᠤᠭᠳᠠᠭᠰᠠᠨ ᠬᠦᠮᠦᠰ ᠢ ᠬᠠᠮᠤᠭ ᠤᠨ ᠶᠡᠭᠡ ᠪᠠᠷ ᠪᠡᠷᠢᠬᠤ︾ ᠲᠤᠰᠬᠠᠢ ᠲᠦᠷᠦᠯ ᠤᠨ ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠬᠦᠯᠪᠡ᠃ ᠪᠦᠷᠢᠳᠬᠡᠯ ᠢ ᠦᠨᠳᠦᠰᠦᠯᠡᠪᠡᠯ 2013 ᠤᠨ ᠤ 1 ᠰᠠᠷ᠎ᠠ ᠠᠴᠠ 2018 ᠤᠨ ᠤ 6 ᠰᠠᠷ᠎ᠠ ᠪᠤᠯᠲᠠᠯ᠎ᠠ ᠪᠦᠬᠦ ᠬᠤᠲᠠ ᠳᠤ ᠬᠤᠤᠷᠲᠤ ᠡᠳ᠋ ᠲᠠᠢ ᠬᠤᠯᠪᠤᠭᠳᠠᠭᠰᠠᠨ 1655 ᠡᠷᠡᠭᠦᠤ ᠶᠢᠨ ᠬᠡᠷᠡᠭ ᠢ ᠢᠯᠡᠷᠡᠭᠦᠯᠪᠠ᠃ ᠡᠭᠦᠨ ᠳᠤ 539 ᠭᠤᠤᠯ ᠬᠡᠷᠡᠭ ᠪᠠᠶᠢᠵᠤ᠂ 31.81 ᠺᠢᠯᠤᠭ᠍ᠷᠡᠮ ᠡᠾᠧᠷᠦᠶ᠋ᠢᠨ᠂ 35.1 ᠺᠢᠯᠤᠭ᠍ᠷᠠᠮ ᠮᠧᠲ᠋ᠠᠮᠹᠧᠲ᠋ᠠᠮᠢᠨ ᠢ ᠬᠤᠷᠢᠶᠠᠨ ᠠᠪᠴᠤ᠂ 1925 ᠶᠠᠯᠠᠲᠤ ᠡᠳᠡᠭᠡᠳ ᠢ ᠡᠷᠡᠭᠦᠤ ᠶᠢᠨ ᠬᠡᠷᠡᠭ ᠢᠶᠠᠷ ᠲᠦᠷ ᠬᠤᠷᠢᠵᠤ᠂ 8285 ᠬᠤᠤᠷ ᠲᠠᠲᠠᠭᠴᠢ ᠶᠢ ᠠᠯᠪᠠᠳᠠᠯᠭ᠎ᠠ ᠪᠠᠷ ᠲᠤᠰᠠᠭᠠᠷᠯᠠᠪᠠ︔ 30 ᠭᠠᠷᠤᠢ ᠳ᠋ᠦᠡᠭᠰᠢᠭᠤᠷ ᠲᠦᠭᠦᠷᠢᠭ ᠤᠨ ᠬᠤᠬᠢᠷᠠᠯ ᠢ ᠡᠭᠡᠬᠦᠯᠵᠣ᠂ 5 ᠲᠦᠮᠡ ᠤᠷᠴᠢᠮ ᠭᠡᠷ ᠪᠦᠯᠢ ᠤᠤᠯ ᠤᠨ ᠵᠤᠯ ᠵᠢᠷᠭᠠᠯᠲᠤ ᠠᠮᠤᠷ ᠲᠠᠶᠢᠪᠤᠡᠭ ᠠᠮᠢᠳᠤᠷᠠᠯ ᠢᠶᠠᠨ ᠰᠡᠷᠭᠦᠭᠡᠪᠡ᠃      ᠤᠯᠠᠨ ᠵᠢᠯ ᠤᠨ ᠲᠤᠷᠰᠢ ︽ᠶᠡᠭᠡ ᠪᠠᠷ ᠪᠠᠷᠢᠬᠤ︾ ᠠᠵᠢᠯᠯᠠᠭ᠋ ᠎ᠠ ᠨᠢ ᠨᠡᠶᠢᠭᠡᠮ ᠤᠨ ᠠᠮᠤᠷ ᠲᠤᠭᠲᠠᠭᠤᠨ ᠢ ᠬᠠᠮᠠᠭᠠᠯᠠᠨ᠂ ᠪᠦᠬᠦ ᠬᠤᠲᠠ ᠶᠢᠨ ᠡᠳ᠋ ᠬᠤᠭᠰᠢᠯ ᠳᠤ ᠬᠠᠯᠳᠠᠭᠰᠠᠨ ᠶᠡᠯᠡᠲᠤ ᠬᠡᠷᠡᠭ ᠡᠭᠦᠰᠬᠦ ᠨᠤᠷᠮ᠎ᠠ ᠶᠡᠭᠡ ᠬᠡᠮᠵᠢᠶ᠎ᠠ ᠪᠠᠷ ᠪᠠᠭᠤᠷᠠᠪᠠ᠃ 2017 ᠤᠨ ᠤ 309 ᠬᠤᠨᠤᠭ ᠲᠤ ︽ᠬᠤᠶᠠᠷ ᠢ ᠪᠤᠯᠢᠶᠠᠬᠤ︾ ᠬᠡᠷᠡᠭ ᠡᠭᠦᠰᠦᠭᠰᠡᠨ ᠦᠭᠡᠢ︔ 6 ᠰᠠᠷ ᠎ᠠ ᠶᠢᠨ 20᠎ ᠤ ᠡᠳᠦᠷ ᠪᠤᠯᠲᠠᠯ ᠎ᠠ 2018 ᠤᠨ ᠤ 170 ᠡᠳᠦᠷ ᠲᠤ ︽ᠬᠤᠶᠠᠷ ᠢ ᠪᠤᠯᠢᠶᠠᠬᠤ︾ ᠬᠡᠷᠡᠭ ᠡᠭᠦᠰᠦᠭᠰᠡᠨ ᠦᠭᠡᠢ᠃      ᠬᠤᠤᠷ ᠴᠠᠭᠠᠵᠠᠯᠠᠬᠤ ᠠᠵᠢᠯ ᠨᠢ ᠳᠤᠲᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠵᠢᠯᠯᠠᠭ᠎ᠠ ᠪᠠᠶᠢᠭᠰᠠᠨ ᠠᠴᠠ ᠪᠠᠨ ᠠᠯᠭᠤᠷ ᠠᠭᠠᠵᠢᠮ ᠢᠶᠠᠷ ᠵᠠᠰᠠᠭ ᠤᠨ ᠤᠷᠳᠤᠨ ᠤ ᠠᠵᠢᠯᠯᠠᠭ᠋ ᠎ᠠ ᠪᠤᠯᠤᠨ ᠬᠤᠪᠢᠷᠠᠵᠤ᠂ ᠨᠡᠯᠢᠶᠡᠳ ᠰᠠᠶᠢᠨ ᠦᠷ᠎ᠠ ᠪᠦᠲᠦᠮᠵᠢ ᠤᠯᠪᠠ᠃ 2008 ᠤᠨ ᠤ 6 ᠰᠠᠷ᠎ᠠ ᠠᠴᠠ 7 ᠰᠠᠷ᠎ᠠ ᠳᠤ ᠬᠦᠬᠡᠬᠤᠲᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ ᠎ᠠ ᠶᠢᠨ ᠬᠤᠤᠷ ᠴᠠᠭᠠᠵᠠᠯᠠᠬᠤ ᠰᠠᠯᠠᠭ᠋ ᠎ᠠ ᠮᠦᠴᠢᠷ ᠪᠠ ᠬᠤᠪᠢᠶᠠᠷᠢ ᠰᠠᠯᠪᠤᠷᠢ ᠠᠩᠬᠢ ᠨᠢᠭᠡ ᠰᠠᠷ᠎ᠠ ᠶᠢᠨ ᠬᠤᠭᠤᠴᠠᠭ᠎ᠠ ᠲᠠᠢ ᠬᠤᠤᠷ ᠠᠷᠢᠯᠭᠠᠨ ᠴᠠᠭᠠᠵᠠᠯᠠᠬᠤ ᠠᠵᠢᠯᠯᠠᠭ᠎ᠠ ᠶᠢ ᠦᠷᠨᠢᠭᠦᠯᠵᠤ᠂ ᠤᠷᠢᠳ ᠬᠤᠵᠢᠳ 9 ᠬᠤᠰᠢᠭᠤ ᠰᠢᠶᠠᠨ ᠲᠤᠭᠤᠷᠢᠭ᠂ 8 ᠰᠢᠶᠠᠩ ᠪᠠᠯᠭᠠᠰᠤ᠂ 14 ᠲᠤᠰᠬᠤᠨ᠂ 50 ᠲᠠᠷᠢᠶᠠᠴᠢᠨ ᠡᠷᠦᠭᠡ ᠶᠢᠨ ᠬᠠᠰᠢᠶ᠎ᠠ ᠬᠦᠷᠢᠶ᠎ᠠ ᠪᠠ ᠲᠠᠷᠢᠶᠠᠨ ᠭᠠᠵᠠᠷ ᠠᠴᠠ 2.76 ᠲᠦᠮᠡᠨ ᠮᠦᠬᠦᠯᠢᠭ ᠨᠠᠮᠤ ᠶᠢ ᠠᠷᠢᠯᠭᠠᠵᠤ᠂ ᠬᠤᠯᠪᠤᠭᠳᠠᠯ ᠪᠦᠬᠦᠢ ᠬᠠᠷᠢᠭᠤᠴᠠᠯᠭᠠᠲᠠᠳ ᠲᠤ ᠴᠦ᠋ᠮ ᠰᠠᠬᠢᠯᠭ᠋ ᠎ᠠ ᠪᠠᠲᠤ ᠵᠦᠷᠢᠴᠡᠭᠰᠡᠨ ᠰᠢᠢᠳᠬᠡᠯ ᠤᠯᠭᠤᠪᠠ᠃      2010 ᠤᠨ ᠠᠴᠠ ᠰᠡᠭᠦᠯᠡᠷ᠂ ᠵᠢᠯ ᠪᠦᠷᠢ ᠬᠤᠲᠠ᠂ ᠰᠢᠶᠠᠨ᠂ ᠰᠢᠶᠠᠩ᠂ ᠲᠤᠰᠬᠤᠨ ᠳᠦᠷᠪᠡᠨ ᠳᠡᠰ ᠤᠨ ᠬᠠᠷᠢᠭᠤᠴᠠᠯᠭ᠎ᠠ ᠶᠢᠨ ᠪᠢᠴᠢᠭ ᠲᠤᠭᠲᠠᠨ᠂ ᠶᠡᠷᠦᠩᠬᠡᠶᠢᠯᠡᠨ ᠵᠠᠰᠠᠬᠤ ᠠᠵᠢᠯ ᠤᠨ ᠠᠷᠭ᠎ᠠ ᠬᠡᠮᠵᠢᠶ᠎ᠠ ᠠᠪᠤᠭᠰᠠᠨ ᠠᠴᠠ ᠦᠨᠳᠦᠰᠦᠨ ᠱᠠᠲᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠤ ᠬᠦᠨᠳᠦᠳᠬᠡᠯ ᠢ ᠠᠯᠬᠤᠮ ᠠᠯᠬᠤᠮ ᠢᠶᠠᠷ ᠤᠯᠵᠤ᠂ ᠤᠷᠤᠨ ᠨᠤᠲᠤᠭ ᠤᠨ ᠴᠢᠨᠠᠷᠲᠠᠢ ︽ᠤᠷᠤᠨ ᠨᠤᠲᠤᠭ ᠤᠨ ᠲᠦᠷᠦ ᠶᠢᠨ ᠪᠤᠳᠤᠯᠭ᠎ᠠ︾᠎ ᠶᠢ ᠲᠤᠭᠲᠠᠭᠠᠨ᠂ ᠬᠤᠤᠷᠲᠤ ᠡᠳ᠋ ᠲᠠᠷᠢᠬᠤ ᠶᠢ ᠴᠠᠭᠠᠵᠠᠯᠠᠬᠤ ᠤᠬᠠᠭᠤᠯᠭ᠎ᠠ ᠶᠢᠨ ᠬᠦᠷᠢᠶ᠎ᠠ ᠬᠡᠪᠴᠢᠶ᠎ᠠ ᠶᠢ ᠦᠷᠭᠡᠳᠬᠡᠵᠤ᠂ ᠬᠠᠤᠯᠢ ᠪᠤᠰᠤ ᠪᠠᠷ ᠬᠤᠤᠷᠲᠤ ᠡᠳ᠋ ᠲᠠᠷᠢᠵᠤ ᠪᠠᠶᠢᠭ᠎ᠠ ᠠᠰᠠᠭᠤᠳᠠᠯ ᠢ ᠪᠦᠲᠦᠮᠵᠢᠲᠡᠢ ᠬᠤᠷᠢᠬᠯᠠᠭᠰᠠᠨ ᠪᠠᠶᠢᠨ᠋ ᠎ᠠ᠃      ᠡᠭᠦᠨ ᠠᠴᠠ ᠭᠠᠳᠠᠨ᠋ ᠎ᠠ᠂ ᠡᠯ ᠎ᠠ ᠱᠠᠲᠤᠨ ᠤ ᠳᠤᠲᠤᠭᠠᠳᠤ ᠶᠢ ᠬᠠᠮᠠᠭᠠᠯᠠᠬᠤ ᠲᠤᠪᠴᠢᠶ᠎ᠠ᠂ ᠠᠶᠣᠯ ᠦᠭᠡᠢ ᠣᠢᠢᠯᠡᠳᠪᠦᠷᠢᠯᠠᠯ ᠤᠨ ᠬᠢᠨᠠᠯᠳᠠ ᠬᠠᠮᠢᠶᠠᠷᠣᠯᠳᠠ᠂ ᠢᠳᠡᠭᠡᠨ ᠣᠮᠳᠠᠭᠠᠨ ᠪᠠ ᠡᠮ ᠤᠨ ᠵᠦᠢᠯᠡᠰ ᠤᠨ ᠬᠢᠨᠠᠯᠳᠠ ᠬᠠᠮᠢᠶᠠᠷᠣᠯᠳᠠ᠂ ᠡᠷᠡᠬᠦᠯ ᠬᠠᠮᠠᠭᠠᠯᠠᠯ ᠪᠠ ᠲᠦᠯᠦᠪᠯᠡᠭᠡᠳᠣ ᠦᠷᠡᠵᠢᠯ᠂ ᠮᠠᠯ ᠲᠠᠷᠢᠶᠠᠯᠠᠩ ᠤᠨ ᠣᠢᠢᠯᠡᠰ ᠤᠨ ᠰᠠᠯᠠᠭ᠎ᠠ ᠮᠦᠴᠢᠷ ᠵᠡᠷᠭᠡ ᠠᠴᠠ ᠬᠢᠯᠪᠠᠷᠬᠠᠨ ᠢᠶᠠᠷ ᠬᠤᠤᠷ ᠦᠢᠯᠡᠳᠪᠦᠷᠢᠯᠡᠵᠤ ᠪᠤᠯᠬᠤ ᠬᠢᠮᠢ ᠶᠢᠨ ᠪᠤᠳᠠᠰ᠂ ᠮᠢᠨᠴᠤᠭᠦᠷᠡᠭᠦᠯᠬᠦ ᠡᠮᠲᠤ ᠪᠤᠳᠠᠰ᠂ ᠴᠠᠭᠠᠵᠠ ᠲᠠᠢ ᠬᠤᠤᠷᠲᠤ ᠡᠳ᠋ ᠢ ᠬᠢᠨᠠᠨ ᠬᠠᠮᠢᠶᠠᠷᠬᠤ ᠬᠦᠴᠦᠯᠡᠴᠡ ᠪᠠᠨ ᠲᠠᠰᠤᠷᠠᠯᠲᠠ ᠦᠭᠡᠢ ᠨᠡᠮᠡᠭᠳᠡᠭᠦᠯᠦᠭᠰᠡᠨ ᠠᠴᠠ ᠬᠤᠤᠷᠲᠤ ᠡᠳ᠋ ᠢ ᠦᠢᠯᠡᠳᠪᠦᠷᠢᠯᠡᠬᠦ ᠦᠵᠡᠭᠳᠡᠯ ᠡᠭᠦᠰᠦᠭᠰᠡᠨ ᠦᠭᠡᠢ᠃ ᠡᠯ᠎ᠠ ᠱᠠᠲᠤᠨ ᠤ ᠳᠤᠲᠤᠭᠠᠳᠤ ᠶᠢ ᠬᠠᠮᠠᠭᠠᠯᠠᠬᠤ ᠲᠤᠪᠴᠢᠶ᠎ᠠ᠂ ᠤᠬᠠᠭᠤᠯᠬᠤ ᠬᠡᠯᠲᠡᠰ᠂ ᠡᠪ ᠬᠠᠮᠲᠤ ᠵᠠᠯᠠᠭᠤᠴᠤᠳ ᠤᠨ ᠡᠪᠯᠡᠯ᠂ ᠡᠮᠡᠭᠲᠡᠶᠢᠴᠤᠳ ᠤᠨ ᠬᠤᠯᠪᠤᠭ᠎ᠠ᠂ ᠰᠤᠷᠭᠠᠨ ᠬᠦᠮᠦᠵᠢᠯ ᠤᠨ ᠰᠠᠯᠠᠭ᠋ ᠎ᠠ ᠮᠦᠴᠢᠷ ᠠᠴᠠ ᠬᠤᠤᠷᠲᠤ ᠡᠳ᠋ ᠢ ᠤᠷᠢᠳᠴᠢᠯᠠᠨ ᠰᠡᠷᠭᠡᠶᠢᠯᠡᠬᠦ ᠬᠦᠮᠦᠵᠢᠯ ᠢ ᠴᠢᠩᠭ᠌ ᠎ᠠ ᠠᠳᠬᠤᠬᠤ ᠶᠢ ᠪᠠᠷᠢᠮᠲᠠᠯᠠᠵᠤ᠂ ᠰᠢᠨ᠎ᠠ ᠪᠠᠷ ᠨᠡᠮᠡᠭᠳᠡᠵᠤ ᠪᠠᠶᠢᠭ᠋ ᠎ᠠ ᠬᠤᠤᠷ ᠲᠠᠲᠠᠭᠴᠢ ᠶᠢ ᠬᠤᠤᠷ ᠠᠴᠠ ᠴᠢᠷᠮᠠᠶᠢᠨ ᠵᠤᠭᠰᠤᠭᠠᠵᠤ ᠪᠠᠶᠢᠨ᠋ ᠎ᠠ᠃ ᠤᠷᠴᠢᠮ ᠤᠨ ᠵᠢᠯ᠂ ᠤᠯᠤᠰ ᠤᠨ ᠬᠤᠤᠷ ᠴᠠᠭᠠᠵᠠᠯᠠᠬᠤ ᠠᠯᠪᠠᠨ ᠭᠡᠷ ᠤᠨ ᠨᠢᠭᠡᠳᠤᠯᠲᠠᠢ ᠱᠠᠭᠠᠷᠳᠠᠯᠭ᠋ ᠎ᠠ ᠳᠤᠤᠷ᠎ᠠ ᠵᠠᠯᠠᠭᠤᠴᠤᠳ ᠪᠠᠭᠠᠴᠤᠳ ᠢ ᠬᠤᠤᠷᠲᠤ ᠡᠳ᠋ ᠠᠴᠠ ᠤᠷᠢᠳᠴᠢᠯᠠᠨ ᠰᠡᠷᠭᠡᠶᠢᠯᠡᠬᠦ ᠰᠤᠷᠭᠠᠨ ᠬᠦᠮᠦᠵᠢᠯ ᠤᠨ ︽6 · 27︾ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠪᠠᠶᠢᠷᠢᠯᠠᠭᠤᠯᠤᠨ ᠶᠠᠪᠤᠭᠳᠠᠭᠤᠯᠵᠤ᠂ ᠰᠤᠷᠭᠠᠭᠤᠯᠢ ᠶᠢᠨ ᠬᠤᠤᠷᠲᠤ ᠡᠳ᠋ ᠢ ᠤᠷᠢᠳᠴᠢᠯᠠᠨ ᠰᠡᠷᠭᠡᠶᠢᠯᠡᠬᠦ ᠰᠤᠷᠭᠠᠨ ᠬᠦᠮᠦᠵᠢᠯ ᠲᠡᠤᠬᠡ ᠶᠢᠨ ᠰᠢᠨ᠎ᠠ ᠴᠠᠭ ᠦᠶ᠎ᠠ ᠳᠤ ᠠᠯᠬᠤᠨ ᠤᠷᠤᠪᠠ᠃      ᠨᠠᠮ ᠤᠨ ᠠᠷᠪᠠᠨ ᠶᠢᠰᠦᠳᠦᠭᠡᠷ ᠶᠡᠭᠡ ᠬᠤᠷᠠᠯ ᠠᠴᠠ ᠨᠠᠭᠠᠰᠢ᠂ ᠬᠦᠬᠡᠬᠤᠲᠠ ᠶᠢᠨ ᠡᠯ᠎ᠠ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠬᠤᠤᠷ ᠴᠠᠭᠠᠵᠠᠯᠠᠬᠤ ᠵᠦᠪᠯᠡᠯ ᠤᠯᠤᠰ ᠲᠦᠷᠦ ᠶᠢᠨ ᠵᠤᠭᠰᠤᠴᠠ ᠪᠠᠨ ᠳᠡᠭᠡᠭᠰᠢᠯᠡᠭᠦᠯᠵᠤ ᠂ ᠤᠯᠤᠰ ᠲᠦᠷᠦ ᠶᠢᠨ ᠦᠨᠳᠦᠷᠴᠡ ᠠᠴᠠ ᠬᠤᠤᠷ ᠴᠠᠭᠠᠵᠠᠯᠠᠬᠤ ᠠᠵᠢᠯ ᠤᠨ ᠴᠢᠬᠤᠯᠠ ᠴᠢᠨᠠᠷ ᠢ ᠭᠦᠨᠵᠡᠭᠡᠢ ᠤᠢᠢᠯᠠᠭᠠᠨ ᠲᠠᠨᠢᠵᠤ᠂ ᠬᠤᠤᠷ ᠴᠠᠭᠠᠵᠠᠯᠠᠬᠤ ᠠᠵᠢᠯ ᠢ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠰᠢᠢᠳᠪᠦᠷᠢᠲᠤ ᠢᠯᠠᠯᠲᠠ ᠶᠢ ᠤᠯᠬᠤ ᠪᠠ ᠠᠷᠠᠳ ᠤᠨ ᠠᠮᠢᠳᠤᠷᠠᠯ ᠢ ᠭᠦᠨᠵᠡᠭᠡᠢ ᠲᠦᠯᠬᠢᠨ ᠠᠬᠢᠭᠤᠯᠬᠤ ᠢᠨᠵᠧᠨᠧᠷᠢᠩ ᠤᠨ ᠴᠢᠬᠤᠯᠠ ᠠᠷᠭ᠋ ᠎ᠠ ᠬᠡᠮᠵᠢᠶ᠎ᠠ ᠪᠤᠯᠭᠠᠨ ᠪᠤᠳᠠᠳᠠᠢ ᠲᠦᠯᠦᠪᠯᠡᠨ ᠪᠠᠶᠢᠷᠢᠯᠠᠭᠤᠯᠪᠠ᠃ ᠡᠨᠡ ᠵᠢᠯ ᠤᠨ ᠳᠡᠭᠡᠳᠤ ᠬᠠᠭᠠᠰ ᠵᠢᠯ ᠳᠤ᠂ ᠪᠦᠬᠦ ᠬᠤᠲᠠ ᠶᠢᠨ ᠡᠯ᠎ᠠ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠬᠤᠤᠷ ᠴᠠᠭᠠᠵᠠᠯᠠᠬᠤ ᠰᠠᠯᠠᠭ᠋ ᠎ᠠ ᠮᠦᠴᠢᠷ ᠠᠴᠠ ᠲᠦᠪ ᠤᠨ 5 ᠳ᠋ᠤᠭᠠᠷ᠂ 4 ᠳ᠋ᠤᠭᠡᠷ ᠪᠠ ᠦᠪᠡᠷᠲᠡᠭᠡᠨ ᠵᠠᠰᠠᠬᠤ ᠤᠷᠤᠨ ᠤ 5 ᠳ᠋ᠤᠭᠠᠷ ᠲᠤᠭᠠᠲᠤ ᠪᠢᠴᠢᠭ ᠮᠠᠲᠧᠷᠢᠶᠠᠯ ᠤᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠤᠯᠤᠰ᠂ ᠦᠪᠡᠷᠲᠡᠭᠡᠨ ᠵᠠᠰᠠᠬᠤ ᠤᠷᠤᠨ ᠤ ᠬᠤᠤᠷ ᠴᠠᠭᠠᠵᠠᠯᠠᠬᠤ ᠠᠵᠢᠯ ᠤᠨ ᠲᠤᠬᠠᠢ ᠰᠢᠷᠢᠰ ᠰᠢᠢᠳᠪᠦᠷᠢᠲᠤ ᠪᠤᠳᠤᠯᠭ᠎ᠠ᠂ ᠤᠨᠴᠠᠭᠠᠢᠢᠯᠠᠨ ᠤᠷᠴᠢᠮᠬᠠᠨ ᠬᠤᠷᠠᠯᠳᠤᠭᠰᠠᠨ ᠪᠦᠬᠦ ᠤᠯᠤᠰ᠂ ᠪᠦᠬᠦ ᠤᠷᠤᠨ᠂ ᠪᠦᠬᠦ ᠬᠤᠲᠠ ᠶᠢᠨ ᠲᠧᠯᠸᠢᠰ ᠤᠲᠠᠰᠤᠲᠤ ᠬᠤᠷᠠᠯ ᠤᠨ ᠵᠤᠷᠢᠭ ᠰᠠᠨᠠᠭ᠋ ᠎ᠠ ᠶᠢ ᠨᠠᠶᠢᠳᠠᠪᠤᠷᠢᠵᠢᠭᠤᠯᠤᠨ᠂ ᠤᠯᠤᠰ ᠤᠨ ᠬᠤᠤᠷ ᠴᠠᠭᠠᠵᠠᠯᠠᠬᠤ ᠵᠦᠪᠯᠡᠯ ᠤᠨ ᠱᠠᠭᠠᠷᠳᠠᠯᠭ᠎ᠠ ᠶᠤᠰᠤᠭᠠᠷ 2018 ᠤᠨ ᠤ ︽ᠬᠤᠶᠠᠷ ᠢ ᠴᠤᠬᠢᠵᠤ᠂ ᠬᠤᠶᠠᠷ ᠢ ᠡᠵᠡᠮᠳᠡᠬᠦ︾ ᠬᠤᠤᠷ ᠴᠠᠭᠠᠵᠠᠯᠠᠬᠤ ᠲᠤᠰᠬᠠᠢ ᠲᠦᠷᠦᠯ ᠤᠨ ᠠᠵᠢᠯᠯᠠᠭ᠎ᠠ ᠶᠢ ᠪᠠᠶᠢᠷᠢᠯᠠᠭᠤᠯᠵᠤ ᠂ ︽ᠵᠤᠨ ᠤ ᠤᠯᠠᠷᠢᠯ ᠤᠨ ᠳᠤᠪᠲᠤᠯᠤᠯᠲᠠ︾ ᠬᠤᠤᠷ ᠢ ᠴᠠᠭᠳᠠᠨ ᠪᠠᠶᠢᠴᠠᠭᠠᠬᠤ ᠠᠵᠢᠯᠯᠠᠭ᠎ᠠ ᠶᠢ ᠳᠠᠷᠤᠢ ᠲᠦᠷᠭᠡᠨ ᠡᠬᠢᠯᠡᠭᠦᠯᠵᠤ᠂ ᠡᠯ᠎ᠠ ᠲᠦᠷᠦᠯ ᠤᠨ ᠦᠷ᠎ᠠ ᠪᠦᠲᠦᠮᠵᠢ ᠶᠢ ᠲᠦᠯᠬᠢᠨ ᠠᠬᠢᠭᠤᠯᠵᠣ᠂ ᠭᠦᠢᠴᠡᠳᠬᠡᠯ ᠲᠤᠭ᠎ᠠ ᠨᠤᠷᠮ᠎ᠠ ᠶᠢ ᠪᠦᠬᠦ ᠲᠠᠯ᠎ᠠ ᠪᠠᠷ ᠰᠢᠪᠲᠤᠯᠪᠠ᠃ ᠡᠯ᠎ᠠ ᠱᠠᠲᠤᠨ ᠤ ᠳᠤᠲᠤᠭᠠᠳᠤ ᠶᠢ ᠬᠠᠮᠠᠭᠠᠯᠠᠬᠤ ᠲᠤᠪᠴᠢᠶ᠎ᠠ᠂ ᠠᠶᠣᠯ ᠦᠭᠡᠢ ᠣᠢᠢᠯᠡᠳᠪᠦᠷᠢᠯᠠᠯ ᠤᠨ ᠬᠢᠨᠠᠯᠳᠠ ᠬᠠᠮᠢᠶᠠᠷᠣᠯᠳᠠ᠂ ᠢᠳᠡᠭᠡᠨ ᠣᠮᠳᠠᠭᠠᠨ ᠪᠠ ᠡᠮ ᠤᠨ ᠵᠦᠢᠯᠡᠰ ᠤᠨ ᠬᠢᠨᠠᠯᠳᠠ ᠬᠠᠮᠢᠶᠠᠷᠣᠯᠳᠠ᠂ ᠡᠷᠡᠬᠦᠯ ᠬᠠᠮᠠᠭᠠᠯᠠᠯ ᠪᠠ ᠲᠦᠯᠦᠪᠯᠡᠭᠡᠳᠣ ᠦᠷᠡᠵᠢᠯ᠂ ᠮᠠᠯ ᠲᠠᠷᠢᠶᠠᠯᠠᠩ ᠤᠨ ᠣᠢᠢᠯᠡᠰ ᠤᠨ ᠰᠠᠯᠠᠭ᠎ᠠ ᠮᠦᠴᠢᠷ ᠵᠡᠷᠭᠡ ᠠᠴᠠ ᠬᠤᠤᠷᠲᠤ ᠡᠳ᠋ ᠢ ᠬᠢᠯᠪᠠᠷᠬᠠᠨ ᠦᠢᠯᠡᠳᠪᠦᠷᠢᠯᠡᠵᠤ ᠪᠤᠯᠬᠤ ᠬᠢᠮᠢ ᠶᠢᠨ ᠪᠤᠳᠠᠰ ᠪᠠ ᠮᠢᠨᠴᠤᠭᠦᠷᠡᠭᠦᠯᠬᠦ ᠡᠮᠲᠤ ᠪᠤᠳᠠᠰ ᠢ ᠪᠦᠬᠦ ᠲᠠᠯ᠎ᠠ ᠪᠠᠷ ᠴᠠᠭᠠᠵᠠᠯᠠᠵᠤ᠂ ᠬᠢᠨᠠᠨ ᠬᠠᠮᠢᠶᠠᠷᠬᠤ ᠶᠢ ᠪᠦᠬᠦ ᠲᠠᠯ᠎ᠠ ᠪᠠᠷ ᠴᠢᠩᠭᠠᠳᠬᠠᠨ᠂ ᠬᠤᠤᠷ ᠦᠢᠯᠡᠳᠪᠦᠷᠢᠯᠡᠬᠦ ᠠᠷᠭ᠎ᠠ ᠵᠠᠮ ᠨᠡᠭᠡᠭᠡᠭᠳᠡᠬᠦ ᠶᠢ ᠰᠡᠷᠭᠡᠶᠢᠯᠡᠪᠡ᠃ ᠡᠯ᠎ᠠ ᠱᠠᠲᠤᠨ ᠤ ᠳᠤᠲᠤᠭᠠᠳᠤ ᠶᠢ ᠬᠠᠮᠠᠭᠠᠯᠠᠬᠤ᠂ ᠶᠡᠷᠦᠩᠬᠡᠶᠢᠯᠡᠨ ᠵᠠᠰᠠᠬᠤ᠂ ᠬᠠᠤᠯᠢ ᠴᠠᠭᠠᠵᠠ᠂ ᠡᠳ᠋ ᠤᠨ ᠵᠠᠰᠠᠭ᠂ ᠠᠷᠠᠳ ᠤᠨ ᠶᠠᠪᠤᠳᠠᠯ ᠵᠡᠷᠭᠡ ᠰᠠᠯᠠᠭ᠎ᠠ ᠮᠦᠴᠢᠷ ᠨᠡᠶᠢᠭᠡᠮ ᠲᠤᠭᠤᠷᠢᠭ ᠤᠨ ᠬᠤᠤᠷ ᠠᠴᠠ ᠵᠤᠭᠰᠤᠭᠠᠵᠤ ᠡᠷᠡᠭᠦᠯᠵᠢᠭᠦᠯᠬᠦ ︽8 · 31︾ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠭᠦᠨᠵᠡᠭᠡᠢ ᠲᠦᠯᠬᠢᠨ ᠠᠬᠢᠭᠤᠯᠵᠤ᠂ ᠬᠤᠤᠷ ᠲᠠᠲᠠᠭᠴᠢ ᠳᠤ ᠨᠡᠶᠢᠭᠡᠮ ᠲᠤᠭᠤᠷᠢᠭ ᠤᠨ ᠬᠤᠤᠷ ᠠᠴᠠ ᠵᠤᠭᠰᠤᠭᠠᠵᠤ ᠡᠷᠡᠭᠦᠯᠵᠢᠭᠦᠯᠬᠦ ᠡᠯ᠎ᠠ ᠵᠦᠢᠯ ᠤᠨ ᠠᠵᠢᠯ ᠤᠨ ᠠᠷᠭ᠎ᠠ ᠬᠡᠮᠵᠢᠶ᠎ᠠ ᠶᠢ ᠨᠠᠶᠢᠳᠠᠪᠤᠷᠢᠵᠢᠭᠤᠯᠵᠤ᠂ ᠬᠤᠤᠷ ᠲᠠᠲᠠᠭᠴᠢ ᠳᠤ ᠰᠠᠶᠢᠨ ᠰᠠᠶᠢᠬᠠᠨ ᠨᠡᠶᠢᠭᠡᠮ ᠤᠨ ᠤᠷᠴᠢᠨ ᠤ ᠨᠦᠬᠦᠴᠡᠯ ᠢ ᠪᠦᠷᠢᠯᠳᠦᠭᠦᠯᠵᠤ ᠦᠭᠪᠡ᠃ ᠡᠯ᠎ᠠ ᠱᠠᠲᠤᠨ ᠤ ᠳᠤᠲᠤᠭᠠᠳᠤ ᠶᠢ ᠬᠠᠮᠠᠭᠠᠯᠠᠬᠤ᠂ ᠤᠬᠠᠭᠤᠯᠭ᠎ᠠ ᠬᠦᠮᠦᠵᠢᠯ᠂ ᠰᠤᠶᠤᠯ᠂ ᠡᠪ ᠬᠠᠮᠲᠤ ᠵᠠᠯᠠᠭᠤᠴᠤᠳ ᠤᠨ ᠡᠪᠯᠡᠯ᠂ ᠡᠮᠡᠭᠳᠡᠶᠢᠴᠤᠳ ᠤᠨ ᠬᠤᠯᠪᠤᠭ᠎ᠠ ᠠᠴᠠ ᠵᠠᠯᠠᠭᠤᠴᠤᠳ ᠪᠠᠭᠠᠴᠤᠳ ᠤᠨ ᠬᠤᠤᠷᠲᠤ ᠡᠳ᠋ ᠠᠴᠠ ᠤᠷᠢᠳᠴᠢᠯᠠᠨ ᠰᠡᠷᠭᠡᠶᠢᠯᠡᠬᠦ ︽6 · 27︾ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠢᠳᠡᠪᠬᠢᠲᠡᠢ ᠲᠦᠯᠬᠢᠨ ᠠᠬᠢᠭᠤᠯᠵᠤ᠂ ᠬᠤᠤᠷᠲᠤ ᠡᠳ᠋ ᠢ ᠤᠷᠢᠳᠴᠢᠯᠠᠨ ᠰᠡᠷᠭᠡᠶᠢᠯᠡᠬᠦ ᠤᠬᠠᠭᠤᠯᠭ᠎ᠠ ᠬᠦᠮᠦᠵᠢᠯ ᠤᠨ ᠠᠵᠢᠯᠯᠠᠭ᠎ᠠ ᠶᠢ ᠨᠡᠶᠢᠳᠡᠮ ᠤᠨ ᠴᠢᠨᠠᠷᠲᠠᠢ ᠦᠷᠨᠢᠭᠦᠯᠵᠤ᠂ ᠪᠦᠬᠦ ᠠᠷᠠᠳ ᠤᠨ ᠬᠤᠤᠷ ᠢ ᠲᠠᠨᠢᠬᠤ᠂ ᠬᠤᠤᠷ ᠢ ᠰᠡᠷᠭᠡᠶᠢᠯᠡᠬᠦ᠂ ᠬᠤᠤᠷ ᠠᠴᠠ ᠵᠠᠶᠢᠳᠠᠬᠤ ᠤᠬᠠᠮᠰᠠᠷ ᠢ ᠦᠨᠡᠨ ᠬᠦ ᠳᠡᠭᠡᠭᠰᠢᠯᠡᠭᠦᠯᠵᠤ ᠪᠠᠶᠢᠨ᠎ᠠ᠃ ᠦᠷᠭᠡᠨ ᠤᠯᠠᠨ ᠠᠷᠠᠳ ᠲᠦᠮᠡᠨ ᠢ ᠤᠷᠢᠶᠠᠯᠠᠨ ᠢᠳᠡᠪᠬᠢᠲᠡᠢ ᠪᠠᠷ ᠬᠤᠤᠷ ᠴᠠᠭᠠᠵᠠᠯᠠᠬᠤ ᠠᠵᠢᠯᠯᠠᠭ᠎ᠠ ᠳᠤ ᠤᠷᠤᠯᠴᠠᠭᠤᠯᠵᠤ᠂ ᠤᠬᠠᠮᠰᠠᠷ ᠠᠴᠠ ᠪᠠᠨ ᠬᠤᠤᠷᠲᠤ ᠡᠳ᠋ ᠠᠴᠠ ᠵᠠᠶᠢᠯᠠᠵᠤ᠂ ᠬᠤᠤᠷᠲᠤ ᠡᠳ᠋ ᠲᠠᠢ ᠬᠤᠯᠪᠤᠭᠳᠠᠭᠰᠠᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠢᠳᠡᠪᠬᠢᠲᠡᠢ ᠢᠯᠡᠴᠢᠯᠠᠨ ᠮᠡᠳᠠᠭᠦᠯᠵᠤ᠂ ᠬᠤᠤᠷ ᠴᠠᠭᠠᠵᠠᠯᠠᠬᠤ ᠠᠷᠠᠳ ᠤᠨ ᠳᠠᠶᠢᠯᠠᠯᠳᠤᠭᠠᠨ ᠢ ᠰᠠᠶᠢᠲᠤᠷ ᠬᠢᠵᠤ᠂ ᠲᠦᠪ ᠬᠤᠲᠠ ᠶᠢᠨ ᠵᠤᠯ ᠵᠢᠷᠭᠠᠯᠲᠤ ᠠᠮᠤᠷ ᠲᠠᠶᠢᠪᠤᠡᠭ ᠠᠮᠢᠳᠤᠷᠠᠯ ᠢ ᠬᠠᠮᠲᠤ ᠪᠠᠷ ᠴᠤᠭᠴᠠᠯᠠᠨ ᠪᠠᠶᠢᠭᠤᠯᠵᠤ ᠪᠠᠶᠢᠨ᠎ᠠ᠃
ᠨᠠᠶᠢᠷᠠᠭᠤᠯᠤᠭᠴᠢ᠄
ᠪᠣᠣ ᠮᠧᠢ ᠷᠥᠩ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号