ᠲᠡᠭᠷᠢᠯᠢᠭ ᠭᠤᠪᠢ ᠠᠴᠠ ᠳᠠᠭᠤᠷᠢᠰᠤᠭᠰᠠᠨ ︽ᠲᠡᠮᠦᠷ ᠬᠦᠯᠥᠭᠲᠡᠨ︾
2018-10-06 13:53:44
ᠵᠣᠬᠢᠶᠠᠭᠴᠢ᠄ 
ᠰᠤᠷᠤᠨ᠎ᠠ ᠲᠠᠳᠤᠯᠭ᠎ᠠ ᠶᠢᠨ ᠰᠤᠷᠪᠤᠯᠵᠢᠯᠠᠭᠴᠢ ᠰᠠᠷᠭᠠᠢ
ᠣᠩᠰᠢᠭᠰᠠᠨ ᠣᠳᠠᠭ᠎ᠠ᠄ 
★★★☆☆
      ᠬᠠᠨ ᠲᠡᠭᠷᠢ ᠠᠯᠠᠱᠠ ᠶᠢᠨ ᠦᠨᠳᠦᠷ ᠦᠨᠳᠦᠷ ᠡᠯᠡᠰᠤᠨ ᠴᠤᠤᠬᠢᠶ᠎ᠠ ᠬᠦᠷᠦᠭᠰᠡᠨ ᠪᠦᠬᠦᠨ ᠢ ᠭᠠᠶᠢᠬᠠᠭᠤᠯᠤᠨ ᠪᠠᠭᠠᠳᠤᠷ ᠢᠳᠡᠳᠡᠨ ᠤ ᠵᠤᠷᠢᠭ ᠵᠤᠯᠪᠤᠭ᠎ᠠ ᠶᠢᠨ ᠰᠤᠷᠢᠯᠳᠠ ᠶᠢᠨ ᠭᠠᠵᠠᠷ ᠪᠤᠯᠤᠭᠰᠠᠨ ᠪᠤᠯ ᠲᠡᠭᠷᠢᠯᠢᠭ ᠭᠤᠪᠢ ᠠᠴᠠ ᠴᠤᠯᠭᠤᠷᠠᠨ ᠭᠠᠷᠤᠭᠰᠠᠨ ᠬᠡᠭᠡᠷᠡᠯᠡᠨ ᠠᠶᠠᠯᠠᠬᠤ ᠮᠠᠰᠢᠨ ᠲᠡᠷᠭᠡᠨ ᠤ ᠵᠢᠯᠣᠭᠤᠴᠢ ᠮᠠᠯᠴᠢᠨ ᠵᠠᠯᠠᠭᠤ ᠤᠷᠬᠢᠯ ᠢ ᠳᠤᠷᠠᠳᠬᠤ ᠦᠬᠡᠢ ᠪᠠᠶᠢᠬᠤ ᠶᠢᠨ ᠠᠷᠭ᠎ᠠ ᠦᠬᠡᠢ᠃
      ᠠᠯᠠᠱᠠ ᠵᠡᠬᠦᠨ ᠬᠤᠰᠢᠭᠤᠨ ᠤ ᠤᠨᠳᠤᠷᠤᠯᠳᠤ ᠰᠤᠮᠤ ᠪᠠᠷ ᠨᠤᠳᠤᠭᠳᠠᠢ ᠬᠦᠳᠡᠭᠡ ᠶᠢᠨ ᠪᠤᠷᠤ ᠬᠦᠦ ᠤᠷᠬᠢᠯ ᠬᠠᠷᠠᠬᠠᠨ ᠪᠠᠭ᠎ᠠ ᠠᠴᠠ ᠪᠠᠨ ᠡᠯᠡᠰᠤᠨ ᠳᠤ ᠳᠤᠭᠯᠠᠵᠤ ᠮᠣᠲ᠋ᠣᠷ ᠲᠡᠷᠭᠡ ᠪᠠᠷ ᠮᠠᠯ ᠢᠶᠠᠨ ᠬᠠᠷᠢᠭᠤᠯᠬᠤ ᠶᠢᠨ ᠲᠠᠭᠠᠤ ᠡᠯᠡᠰᠤ ᠶᠢ ᠲᠤᠭᠤᠯᠵᠤ ᠨᠠᠭᠠᠳᠤᠳᠠᠭ ᠪᠠᠶᠢᠭᠰᠠᠨ ᠢᠶᠠᠨ 2009 ᠤᠨ ᠳᠤ ᠤᠷᠳᠤᠰ ᠲᠤ ᠪᠤᠯᠤᠭᠰᠠᠨ ᠬᠡᠬᠡᠷᠡᠯᠡᠨ ᠠᠶᠠᠯᠠᠬᠤ ᠮᠠᠰᠢᠨ ᠲᠡᠷᠭᠡᠨ ᠤ ᠤᠷᠤᠯᠳᠤᠭᠠᠨ ᠢ ᠰᠤᠨᠢᠷᠬᠠᠭᠰᠠᠨ ᠲᠡᠷᠡ ᠬᠦ ᠮᠦᠴᠡ ᠠᠴᠠ ᠡᠯᠡᠰᠤ ᠶᠢ ᠳᠤᠭᠤᠯᠬᠤ ᠠᠶᠠᠨ ᠢᠶᠠᠨ ᠡᠬᠢᠯᠡᠬᠦᠯᠵᠡᠢ᠃ 
 
    ᠦᠭᠡ ᠲᠠᠭᠤᠨ ᠴᠦᠭᠡᠨ ᠲᠠᠢ ᠡᠨᠡ ᠵᠠᠯᠠᠭᠤ ᠶᠢ ᠠᠩᠬ᠎ᠠ ᠬᠠᠷᠠᠪᠠᠯ ᠪᠠᠷᠳᠠᠭᠠᠳᠤ ᠡᠯᠡᠰᠤ ᠶᠢ ᠳᠤᠭᠤᠯᠳᠠᠭ ᠮᠡᠷᠭᠡᠵᠢᠯ ᠤᠨ ᠵᠢᠯᠤᠭᠤᠴᠢ ᠭᠡᠰᠡᠨ ᠢ ᠢᠳᠡᠭᠡᠵᠤ ᠶᠠᠳᠠᠮᠠᠷ᠂ ᠭᠡᠲᠡᠯ᠎ᠡ ᠶᠠᠭ ᠲᠡᠬᠦᠨ ᠤ ᠲᠡᠰᠪᠤᠷᠢ ᠬᠦᠯᠢᠴᠡᠩᠬᠦᠢ ᠵᠠᠩ ᠨᠢ ᠲᠡᠭᠦᠨ ᠢ ᠬᠤᠯᠠ ᠶᠢᠨ ᠠᠶᠠᠨ ᠳᠤᠨᠢ ᠡᠷᠴᠢ ᠬᠦᠴᠦᠨ ᠤᠯᠭᠤᠵᠤ ᠦᠭᠬᠦᠭᠰᠡᠨ ᠪᠠᠶᠢᠵᠡᠢ᠃        ᠡᠯᠡᠰᠤᠨ ᠴᠥᠯ ᠳᠤ ᠮᠠᠰᠢᠨ ᠵᠢᠯᠤᠭᠤᠳᠤᠨ᠎ᠠ ᠭᠡᠬᠦ ᠪᠠᠷ ᠤᠯᠠᠩᠬᠢ ᠬᠦᠮᠦᠨ ᠵᠢᠷᠦᠬᠡᠰᠢᠶᠡᠳᠡᠭ᠃ ᠤᠷᠬᠢᠯ ᠴᠤ ᠬᠠᠮᠤᠭ ᠠᠩᠬ᠎ᠠ ᠡᠯᠡᠰᠤᠨ ᠲᠠᠭᠡᠷ᠎ᠠ ᠮᠠᠰᠢᠨ ᠵᠢᠯᠤᠭᠤᠳᠬᠤ ᠳᠤ ᠠᠶᠤᠵᠤ ᠰᠠᠨᠳᠤᠷᠳᠠᠭ ᠪᠠᠶᠢᠵᠡᠢ᠃ ᠪᠡᠶ᠎ᠡ ᠰᠡᠳᠬᠢᠴᠡ ᠶᠢᠨ ᠭᠡᠪ ᠴᠢᠨᠠᠷ ᠦᠨᠳᠤᠷ ᠱᠠᠭᠠᠷᠳᠠᠳᠠᠭ ᠡᠨᠡᠬᠦ ᠮᠡᠷᠭᠡᠵᠢᠯ ᠢ ᠳᠤᠰᠬᠠᠢ ᠮᠡᠷᠭᠡᠵᠢᠯ ᠤᠨ ᠪᠤᠯᠪᠠᠰᠤᠷᠠᠯ ᠵᠢᠯᠤᠭᠤᠳᠤᠯᠭ᠎ᠠ ᠬᠦᠷᠳᠡᠭᠡ ᠦᠬᠡᠢ ᠲᠡᠷᠡ ᠭᠠᠷ ᠤᠳᠠᠰᠤᠨ ᠲᠡᠭᠡᠷ᠎ᠠ ᠤᠷᠤᠯᠳᠤᠭᠠᠨ ᠦᠵᠡᠬᠦ ᠪᠣᠶᠤ ᠦᠪᠡᠷᠳᠡᠭᠡᠨ ᠡᠯᠡᠰᠤᠨ ᠳᠤ ᠲᠡᠷᠭᠡ ᠲᠣᠭᠯᠠᠵᠤ ᠰᠦᠰᠦ ᠵᠣᠷᠢᠭ ᠪᠤᠯᠤᠨ ᠠᠷᠭ᠎ᠠ ᠰᠠᠮᠪᠠᠭ᠎ᠠ ᠪᠠᠨ ᠰᠣᠷᠢᠵᠤ᠂ ᠶᠡᠭᠡ ᠪᠠᠭ᠎ᠠ ᠤᠷᠤᠯᠳᠤᠭᠠᠨ ᠢᠶᠠᠷ ᠤᠯᠠᠨ ᠣᠷᠤᠯᠴᠠᠵᠠᠢ᠃ 2016 ᠤᠨ ᠳᠤ ᠡᡁᠧᠨᠡᠨ ᠤ ᠲᠡᠷᠭᠡᠨ ᠤ ᠠᠩᠬᠢ ᠶᠢᠨ ᠬᠡᠰᠢᠬᠦᠨ ᠪᠤᠯᠤᠭᠰᠠᠨ ᠠᠴᠠ ᠤᠳᠤ ᠪᠤᠯᠬᠤ ᠳᠤ ᠭᠤᠤᠯ ᠬᠦᠴᠦᠨ ᠨᠢ ᠪᠤᠯᠵᠤ᠂ ᠤᠷᠢᠳ ᠬᠤᠵᠢᠳ 2017 ᠤᠨ ᠤ ᠰᠢᠨᠵᠢᠶᠠᠩ ᠤᠨ ᠲᠠᠺᠠᠯᠠᠮᠠ ᠡᠯᠡᠰᠤᠨ ᠴᠦᠯ ᠤᠨ ᠮᠠᠰᠢᠨ ᠲᠡᠷᠭᠡ ᠮᠤᠲ᠋ᠤᠷ ᠲᠡᠷᠭᠡᠨ ᠤ ᠬᠡᠬᠡᠷᠡᠯᠡᠨ ᠠᠶᠠᠯᠠᠵᠤ ᠬᠦᠴᠦᠨ ᠵᠠᠯᠭᠠᠬᠤ ᠤᠷᠤᠯᠳᠤᠭᠠᠨ ᠤ ᠭᠤᠷᠪᠠᠳᠤᠭᠠᠷ ᠪᠠᠶᠢᠷᠢ᠂ ᠬᠦᠬᠡᠨᠠᠭᠤᠷ ᠤᠨ ᠬᠡᠬᠡᠷᠡᠯᠡᠨ ᠠᠶᠠᠯᠠᠬᠤ ᠮᠠᠰᠢᠨ ᠲᠡᠷᠭᠡᠨ ᠤ ᠭᠠᠷᠮᠠᠭᠠᠢᠢᠯᠠᠭᠴᠢᠳ ᠤᠨ ᠤᠷᠤᠯᠳᠤᠭᠠᠨ ᠤ ᠭᠤᠷᠪᠠᠳᠤᠭᠠᠷ ᠨᠡᠷ᠎ᠠ ᠵᠡᠷᠭᠡ ᠠᠮᠵᠢᠯᠳᠠ ᠪᠠᠷ ᠡᠩᠬᠡᠷ ᠢᠶᠠᠨ ᠮᠢᠯᠢᠶᠠᠯᠭᠠᠵᠤ᠂ ᠭᠤᠪᠢ ᠨᠤᠳᠤᠭ ᠤᠨ ᠢᠶᠠᠨ ᠤᠮᠤᠭᠰᠢᠯ ᠪᠤᠯᠵᠤ ᠶᠠᠪᠤᠨ᠎ᠠ᠃       ᠤᠷᠬᠢᠯ ᠲᠡᠯᠡᠬᠡᠢ ᠶᠢᠨ ᠬᠡᠭᠡᠷᠡᠯᠡᠨ ᠠᠶᠠᠯᠠᠬᠤ ᠮᠠᠰᠢᠨ ᠲᠡᠷᠭᠡᠨ ᠤ ᠤᠷᠤᠯᠳᠤᠭᠠᠨ ᠳᠤ ᠤᠷᠤᠯᠴᠠᠬᠤ ᠬᠦᠰᠡᠯ ᠲᠡᠮᠡᠤᠯᠤᠯ ᠳᠤ ᠪᠠᠨ ᠬᠦᠳᠦᠯᠦᠭᠳᠡᠨ᠂ ᠨᠤᠳᠤᠭ ᠤᠰᠤᠨ ᠤ ᠠᠬᠠᠨ ᠲᠡᠬᠦᠦᠰ ᠤᠨ ᠬᠠᠯᠠᠭᠤᠨ ᠲᠡᠮᠵᠢᠯᠭᠡ ᠳᠤᠤᠷ᠎ᠠ ᠡᠯᠡᠰᠤ ᠶᠢ ᠳᠤᠭᠤᠯᠬᠤ ᠬᠠᠳᠠᠭᠤ ᠵᠤᠷᠢᠭ ᠨᠢ ᠤᠯᠠᠮ ᠬᠦᠪᠴᠢᠯᠡᠭᠳᠡᠨ ᠠᠶᠠᠨ ᠵᠠᠮ ᠢᠶᠠᠨ ᠦᠷᠬᠦᠯᠵᠢᠯᠡᠬᠦᠯᠦᠭᠰᠡᠭᠡᠷ ᠁
           
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号