ᠰᠦᠯᠵᠢᠶᠠᠨ ᠲᠡᠭᠡᠷ᠎ᠠ ᠠᠴᠠ ᠭᠡᠶᠢᠳᠤ ᠫᠤᠤ ᠬᠤᠳᠠᠯᠳᠤᠨ ᠠᠪᠴᠤ ᠬᠠᠤᠯᠢ ᠶᠢᠨ ᠲᠤᠤᠷ ᠲᠤ ᠤᠨᠠᠪᠠ
2018-10-06 12:21:11
ᠵᠣᠬᠢᠶᠠᠭᠴᠢ᠄ 
ᠵᠢᠶᠠᠩ ᠪᠦᠸᠧ ᠶᠠᠨ
ᠣᠩᠰᠢᠭᠰᠠᠨ ᠣᠳᠠᠭ᠎ᠠ᠄ 
★★★☆☆
      ᠤᠶᠢᠷ᠎ᠠ ᠳᠤ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠭᠦᠨᠬᠤᠭᠤᠯᠠᠢ ᠲᠤᠮᠢᠯᠠᠭᠰᠠᠨ ᠰᠠᠯᠪᠤᠷᠢ ᠰᠠᠨᠳᠤᠤ ᠰᠤᠮᠤ ᠶᠢᠨ ᠪᠠᠢ ᠤᠪᠤᠭᠳᠤ᠂ ᠪᠤᠤ ᠤᠪᠤᠭᠳᠤ᠂ ᠵᠤᠤ ᠤᠪᠤᠭᠳᠤ ᠰᠦᠯᠵᠢᠶᠠᠨ ᠲᠡᠭᠡᠷ᠎ᠠ ᠠᠴᠠ ᠭᠡᠶᠢᠳᠤ ᠫᠤᠤ ᠶᠢᠨ ᠰᠡᠯᠪᠢᠭ ᠲᠤᠨᠤᠭ ᠬᠤᠳᠠᠯᠳᠤᠨ ᠠᠪᠤᠭᠰᠠᠨ ᠭᠡᠷᠡᠭ ᠤᠨ ᠰᠦᠪᠡᠭᠴᠢ ᠶᠢ ᠲᠤᠰᠤᠨ ᠤᠯᠪᠠ᠃ ᠭᠡᠷᠡᠭ ᠤᠨ ᠮᠠᠳᠡᠭᠦᠯᠤᠯᠳᠠ ᠶᠢ ᠲᠤᠰᠤᠭᠰᠠᠨ ᠤ ᠲᠠᠷᠠᠭ᠎ᠠ᠂ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ ᠪᠠᠢ ᠤᠪᠤᠭᠳᠤ᠂ ᠪᠤᠤ ᠤᠪᠤᠭᠳᠤ᠂ ᠵᠤᠤ ᠤᠪᠤᠭᠳᠤ ᠶᠢᠨ ᠭᠡᠷ ᠲᠤ ᠪᠠᠶᠢᠴᠠᠭᠠᠯᠳᠠ ᠭᠢᠭᠦ ᠪᠠᠷ ᠲᠠᠮᠵᠢᠨ ᠪᠠᠢ ᠤᠪᠤᠭᠳᠤ ᠶᠢᠨ ᠪᠠᠷᠠᠭᠤᠨ ᠦᠷᠤᠭᠡ ᠶᠢᠨ ᠤᠷᠤ ᠶᠢᠨ ᠲᠤᠤᠷ᠎ᠠ ᠠᠴᠠ 1 ᠭᠡᠶᠢᠳᠤ ᠫᠤᠤ᠂ 344 ᠪᠤᠯᠤᠳ ᠦᠷᠢᠯ ᠤᠨ ᠰᠤᠮᠤ᠂ ᠪᠤᠤ ᠤᠪᠤᠭᠳᠤ ᠶᠢᠨ ᠲᠠᠷᠭᠡᠨ ᠭᠦᠮᠤᠷᠭᠡ ᠠᠴᠠ 1 ᠭᠡᠶᠢᠳᠤ ᠫᠤᠤ᠂ 393 ᠪᠤᠯᠤᠳ ᠦᠷᠢᠯ ᠤᠨ ᠰᠤᠮᠤ᠂ ᠵᠤᠤ ᠤᠪᠤᠭᠳᠤ ᠶᠢᠨ ᠬᠠᠨᠵᠤᠨ ᠲᠠᠭᠡᠷᠠᠭᠢ ᠲᠠᠪᠢᠰᠭᠡᠷ ᠲᠤᠤᠷ᠎ᠠ ᠠᠴᠠ 1 ᠭᠡᠶᠢᠳᠤ ᠫᠤᠤ᠂ 324 ᠪᠤᠯᠤᠳ ᠦᠷᠢᠯ ᠤᠨ ᠰᠤᠮᠤ ᠢᠯᠠᠷᠡᠭᠦᠯᠤᠨ ᠬᠠᠤᠯᠢ ᠶᠤᠰᠤᠭᠠᠷ ᠬᠤᠷᠢᠶᠠᠮᠵᠢᠯᠠᠨ ᠠᠪᠤᠭᠰᠠᠨ ᠪᠠᠶᠢᠨ᠎ᠠ᠃      ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠬᠠᠤᠯᠢ ᠶᠢ ᠵᠦᠷᠢᠴᠡᠭᠰᠡᠨ ᠪᠤᠳᠠᠳᠤ ᠪᠠᠶᠢᠳᠠᠯ ᠪᠠ ︽ᠠᠮᠤᠷ ᠢ ᠬᠠᠮᠠᠭᠠᠯᠠᠬᠤ ᠲᠤᠷᠭᠠᠭᠤᠯᠢ ᠶᠢᠨ ᠳᠦᠷᠢᠮ︾᠎ ᠢ ᠦᠨᠳᠤᠰᠤᠯᠠᠨ ᠪᠠᠢ ᠤᠪᠤᠭᠳᠤ᠂ ᠪᠤᠤ ᠤᠪᠤᠭᠳᠤ᠂ ᠵᠤᠤ ᠤᠪᠤᠭᠳᠤ ᠶᠢ ᠲᠤᠰ ᠲᠤᠰ ᠲᠠᠪᠤᠨ ᠡᠳᠤᠷ ᠤᠨ ᠬᠤᠭᠤᠴᠠᠭ᠎ᠠ ᠲᠠᠢ ᠵᠠᠰᠠᠭ ᠵᠠᠭᠢᠷᠭᠠᠨ ᠤ ᠲᠦᠷ ᠬᠤᠷᠢᠬᠤ ᠪᠠᠷ ᠰᠢᠢᠳᠭᠡᠭᠰᠡᠨ ᠪᠠᠶᠢᠨ᠎ᠠ᠃ 
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号