ᠭᠡᠳᠡᠰᠦᠨ ᠤ ᠦᠳᠡᠯᠦᠭᠰᠡᠨ ᠡᠰᠡᠬᠦ ᠶᠢ ᠮᠠᠭᠠᠳᠯᠠᠬᠤᠢ
2018-10-08 16:00:36
ᠵᠣᠬᠢᠶᠠᠭᠴᠢ᠄ 
ᠴᠢᠬᠢᠷᠠᠭ
ᠣᠩᠰᠢᠭᠰᠠᠨ ᠣᠳᠠᠭ᠎ᠠ᠄ 
★★★☆☆
          ᠭᠡᠳᠡᠰᠦᠨ ᠤ ᠦᠳᠡᠯᠦᠭᠰᠡᠨ ᠡᠰᠡᠬᠦ ᠶᠢ ᠮᠠᠭᠠᠳᠯᠠᠬᠤᠢ      ᠪᠠᠶᠢᠨ ᠰᠠᠭᠤᠨ ᠬᠤᠷᠭᠤᠰᠤᠯᠠᠬᠤ᠂ ᠬᠦᠢᠳᠡᠨ ᠰᠡᠷᠢᠭᠦᠨ ᠢ ᠦᠵᠡᠵᠦ ᠴᠢᠳᠠᠬᠤ ᠦᠭᠡᠢ ᠬᠦᠶᠦᠯᠭᠡᠬᠦ ᠁ ᠵᠡᠷᠭᠡ ᠨᠢ ᠳᠠᠨ ᠤ ᠭᠡᠳᠡᠰᠦ ︽ᠨᠠᠰᠤ ᠠᠬᠠᠰᠢᠷᠠᠵᠤ︾ ᠡᠭᠢᠯᠡᠭᠰᠡᠨ ᠤ ᠰᠢᠨᠵᠢ᠃ ᠭᠡᠳᠡᠰᠦ ᠵᠠᠯᠠᠭᠤ᠂ ᠳᠡᠮᠢᠷ ᠬᠦᠴᠦ ᠲᠠᠢ ᠪᠠᠶᠢᠮᠠᠨᠵᠢᠨ ᠡᠪᠡᠳᠴᠢᠨ ᠡᠮᠭᠡᠭ ᠢ ᠬᠤᠷᠢᠬᠯᠠᠬᠤ ᠬᠠᠯᠬᠠᠪᠴᠢ ᠪᠤᠯᠵᠤ ᠴᠢᠳᠠᠳᠠᠭ᠂ ᠭᠡᠷᠪᠡ ᠦᠳᠡᠯᠦᠭᠡᠳ ᠬᠡᠷᠡᠭ ᠠᠴᠠ ᠪᠠᠨ ᠭᠠᠷᠴᠢᠬᠠᠬᠤ ᠶᠤᠮ ᠪᠤᠯ ᠮᠠᠷᠢᠶᠠᠯᠠᠬᠤ᠂ ᠵᠢᠷᠦᠭᠡ ᠴᠢᠰᠦᠨ ᠰᠤᠳᠠᠯ ᠤᠨ ᠡᠪᠡᠳᠴᠢᠨ᠂ ᠦᠮᠡᠨ ᠵᠡᠷᠭᠡ ᠡᠪᠡᠳᠴᠢᠨ ᠰᠠᠭᠠᠳ ᠦᠭᠡᠢ ᠡᠷᠢᠭᠡᠳ ᠢᠷᠡᠬᠦ ᠪᠤᠯᠤᠨ᠎ᠠ᠃
    ᠤᠷᠢᠳᠠᠪᠠᠷ ᠪᠡᠶ᠎ᠡ ᠪᠠᠨ ᠳᠠᠭᠠᠭᠠᠵᠤ ᠮᠠᠭᠠᠳᠯᠠᠬᠤ ᠰᠡᠳᠦᠪ ᠦᠵᠡᠶ᠎ᠡ᠄    1. ᠴᠠᠭ ᠦᠭᠡᠢ ᠬᠤᠭᠤᠯᠠᠯᠠᠳᠠᠭ    2. ᠢᠳᠡᠰᠢᠨ ᠨᠤᠭᠤᠭ᠎ᠠ ᠵᠢᠮᠢᠰ ᠪᠠᠭ᠎ᠠ ᠢᠳᠡᠳᠡᠭ    3. ᠨᠠᠷᠢᠯᠢᠬ ᠢᠳᠡᠭᠡᠨ ᠢᠯᠡᠭᠦᠦ ᠢᠳᠡᠵᠦ ᠪᠦᠳᠦᠭᠦᠯᠢᠭ ᠠᠮᠤ ᠳᠡᠮᠡᠢ ᠢᠳᠡᠳᠡᠭ ᠦᠭᠡᠢ    4. ᠮᠢᠬ᠎ᠠ ᠢᠳᠡᠬᠦ ᠳᠤᠷᠠᠳᠠᠢ    5. ᠦᠷᠭᠦᠯᠵᠢ ᠰᠦᠨᠢ ᠶᠢᠨ ᠬᠤᠭᠤᠯᠠ ᠢᠳᠡᠳᠡᠭ    6. ᠦᠷᠭᠦᠯᠵᠢ ᠳᠠᠮᠠᠬᠢ ᠳᠠᠳᠠᠳᠠᠭ    7. ᠴᠢᠷᠠᠢ ᠦᠩᠭᠡ ᠦᠭᠡᠢ᠂ ᠦᠳᠡᠯᠦᠭᠰᠡᠨ ᠵᠢᠰᠤ ᠲᠠᠢ    8. ᠠᠷᠠᠰᠤ ᠰᠢᠷᠦᠭᠦᠨ ᠪᠤᠶᠤ ᠰᠡᠪᠬᠡ ᠭᠠᠷᠳᠠᠭ    9. ᠳᠠᠮᠢᠷ ᠤᠨ ᠬᠦᠳᠡᠯᠭᠡᠭᠡᠨ ᠳᠤᠳᠠᠭᠤᠳᠠᠬᠰᠠᠨ    10. ᠦᠷᠭᠦᠯᠵᠢ ᠳᠠᠷᠤᠭᠠᠰᠤ ᠶᠡᠬᠡᠳᠡᠢ ᠰᠠᠨᠠᠭᠳᠠᠳᠠᠭ    11. ᠬᠤᠷᠭᠤᠰᠤ ᠶᠢᠨ ᠦᠩᠭᠡ ᠦᠷᠭᠦᠯᠵᠢ ᠬᠤᠪᠢᠷᠠᠳᠠᠭ    12. ᠭᠠᠳᠠᠭᠠᠯᠠᠬᠤ ᠴᠠᠭ ᠨᠢ ᠳᠤᠭᠳᠠᠪᠤᠷᠢ ᠦᠭᠡᠢ    13. ᠬᠦᠴᠦᠯᠡᠬᠦ ᠦᠭᠡᠢ ᠪᠤᠯ ᠭᠠᠳᠠᠭᠠᠯᠠᠵᠤ ᠳᠡᠶᠢᠯᠬᠦ ᠦᠭᠡᠢ    14. ᠳᠠᠩᠳᠠ ᠳᠤᠳᠠᠭᠤ ᠭᠠᠳᠠᠭᠠᠯᠠᠭᠰᠠᠨ ᠰᠢᠬ ᠰᠠᠨᠠᠭᠳᠠᠬᠤ    15. ᠬᠤᠷᠭᠤᠰᠤ ᠬᠠᠳᠠᠭᠤ ᠭᠠᠳᠠᠭᠠᠯᠠᠬᠤ ᠳᠤ ᠬᠦᠴᠢᠷ ᠲᠠᠢ    16. ᠬᠤᠷᠭᠤᠰᠤ ᠨᠢ ᠬᠤᠷᠭᠤᠯ ᠰᠢᠬ     17. ᠵᠠᠷᠢᠮ ᠳᠠᠭᠠᠨ ᠬᠤᠷᠭᠤᠰᠤ ᠭᠡᠳᠦ ᠨᠢᠯᠴᠠᠭᠠᠢ ᠪᠤᠯᠬᠤ ᠰᠢᠩᠭᠡᠨ ᠪᠤᠯᠬᠤ    18. ᠠᠮᠠᠷᠬᠠᠨ ᠤᠨᠳᠠᠵᠤ ᠳᠡᠶᠢᠯᠬᠦ ᠦᠭᠡᠢ ᠪᠠᠶᠢᠬᠤ    19. ᠦᠷᠭᠦᠯᠵᠢ ᠰᠦᠨᠢᠵᠢᠨ ᠠᠵᠢᠯᠯᠠᠵᠤ ᠨᠦᠢᠷ ᠳᠤᠳᠠᠬᠤ    20. ᠦᠷᠯᠦᠭᠡ ᠳᠡᠭᠡᠨ ᠦᠷᠭᠦᠯᠵᠢ ᠶᠠᠭᠠᠷᠠᠤ ᠰᠠᠨᠳᠤᠷᠤᠤ ᠪᠠᠶᠢᠬᠤ    ᠳᠡᠭᠡᠷᠡᠬᠢ ᠦᠵᠡᠭᠳᠡᠯ ᠤᠳ ᠲᠠᠢ ᠬᠠᠷᠭᠤᠭᠤᠯᠵᠤ ᠭᠡᠳᠡᠰᠦ ᠴᠢᠨᠢ ᠬᠢᠷᠢ ᠵᠡᠷᠭᠡ ᠦᠳᠡᠯᠵᠦ ᠪᠠᠶᠢᠬᠤ ᠶᠢ ᠮᠠᠭᠠᠳᠯᠠᠵᠤ ᠦᠵᠡ᠄    * ᠨᠢᠭᠡ ᠨᠢ ᠴᠤ ᠳᠤᠬᠢᠷᠠᠬᠤ ᠦᠭᠡᠢ ᠪᠠᠶᠢᠪᠠᠯ᠂ ᠭᠡᠳᠡᠰᠦᠨ ᠤ ᠨᠠᠰᠤ ᠨᠢ ᠦᠨᠡᠨ ᠨᠠᠰᠤᠨ ᠠᠴᠠ ᠪᠠᠨ ᠵᠠᠯᠠᠭᠤ᠂ ᠬᠠᠮᠤᠭ ᠤᠨ ᠡᠷᠡᠭᠦᠯ ᠪᠠᠶᠢᠳᠠᠯ ᠳᠤ ᠪᠠᠶᠢᠨ᠎ᠠ᠃    * 1 — 4᠎ ᠨᠢ ᠨᠤᠬᠳᠠᠪᠠᠯ᠂ ᠭᠡᠳᠡᠰᠦᠨ ᠤ ᠨᠠᠰᠤ = ᠦᠨᠡᠨ ᠨᠠᠰᠤ + 5 ᠨᠠᠰᠤ᠂ ᠭᠡᠳᠡᠰᠦᠨ ᠤ ᠡᠷᠡᠭᠦᠯ ᠮᠡᠨᠳᠦ ᠪᠠᠨ ᠠᠩᠬᠠᠷᠬᠤ ᠴᠢᠬᠤᠯᠠᠳᠠᠢ ᠪᠤᠯᠤᠭᠠᠳ ᠪᠠᠶᠢᠨ᠎ᠠ᠃    * 5 — 10 ᠨᠤᠬᠳᠠᠪᠠᠯ᠂ ᠭᠡᠳᠡᠰᠦᠨ ᠤ ᠨᠠᠰᠤ = ᠦᠨᠡᠨ ᠨᠠᠰᠤ + 10 ᠨᠠᠰᠤ᠂     ᠭᠡᠳᠡᠰᠦ ᠴᠢᠨᠢ ᠦᠳᠡᠯᠵᠦ ᠡᠬᠢᠯᠡᠭᠰᠡᠨ ᠤ ᠰᠢᠨᠵᠢ᠃    * 11 — 15 ᠨᠤᠬᠳᠠᠪᠠᠯ᠂ ᠭᠡᠳᠡᠰᠦᠨ ᠤ ᠨᠠᠰᠤ = ᠦᠨᠡᠨ ᠨᠠᠰᠤ + 20 ᠨᠠᠰᠤ᠂ ᠭᠡᠳᠡᠰᠦ ᠴᠢᠨᠢ ᠢᠯᠡᠷᠭᠡᠢ ᠦᠳᠡᠯᠵᠡᠢ ᠭᠡᠰᠡᠨ ᠦᠭᠡ᠃    * 16᠎ ᠠᠴᠠ ᠢᠯᠡᠭᠦᠦ ᠨᠤᠬᠳᠠᠵᠤ ᠪᠠᠶᠢᠪᠠᠯ᠂ ᠭᠡᠳᠡᠰᠦᠨ ᠤ ᠨᠠᠰᠤ = ᠦᠨᠡᠨ ᠨᠠᠰᠤ + 30 ᠨᠠᠰᠤ᠂ ᠭᠡᠳᠡᠰᠦᠨ ᠤ ᠴᠢᠨᠢ ᠪᠠᠶᠢᠳᠠᠯ ᠳᠤᠩ ᠮᠠᠭᠤ ᠪᠠᠶᠢᠭ᠎ᠠ ᠶᠢᠨ ᠰᠢᠨᠵᠢ᠃
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号