ᠬᠠᠶᠢᠷ᠎ᠠ ᠳᠤ ᠤᠶᠠᠰᠤᠬᠰᠠᠨ ᠠᠮᠢᠳᠤᠷᠠᠯ
2018-04-23 10:25:05
ᠵᠣᠬᠢᠶᠠᠭᠴᠢ᠄ 
ᠬᠡᠰᠢᠭᠪᠦᠶᠠᠨ
ᠣᠩᠰᠢᠭᠰᠠᠨ ᠣᠳᠠᠭ᠎ᠠ᠄ 
★★★☆☆
      ᠪᠦᠰᠡᠬᠦᠢ ᠬᠦᠮᠦᠨ ᠤ ᠲᠠᠭᠠᠭᠠᠮᠠᠭᠠᠢ ᠵᠤᠷᠢᠬ ᠢ ᠡᠪᠦᠷᠯᠡᠵᠤ ᠨᠠᠰᠤᠳᠠᠨ ᠢᠶᠠᠨ ᠠᠰᠠᠷᠠᠨ ᠨᠢᠯᠬᠠᠰ ᠢᠶᠠᠨ ᠪᠤᠶᠢᠵᠢᠭᠤᠯᠵᠤ᠂ ᠡᠪᠡᠳᠴᠢᠨ ᠡᠮᠭᠡᠭ ᠲᠠᠢ ᠡᠷ᠎ᠠ ᠨᠦᠬᠦᠷ ᠢᠶᠠᠨ ᠬᠠᠷᠠᠭᠠᠯᠵᠠᠵᠦ᠂ ᠦᠪᠡᠷ ᠤᠨ ᠤᠶᠤᠨ ᠤᠬᠠᠭᠠᠨ ᠢᠶᠠᠷ ᠢᠶᠠᠨ ᠶᠠᠳᠠᠭᠤ ᠬᠦᠴᠢᠷᠳᠠᠯᠳᠠᠢ ᠠᠮᠢᠳᠤᠷᠠᠯ ᠢᠶᠠᠨ ᠦᠬᠡᠳᠡ ᠲᠠᠳᠠᠵᠤ ᠶᠠᠪᠤᠭ᠎ᠠ ᠪᠤᠤ ᠰᠢᠦ ᠯᠠᠨ ᠪᠤᠯ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠳᠠᠪᠰᠡᠭ ᠪᠠᠯᠭᠠᠰᠦ ᠶᠢᠨ ᠰᠢᠨᠡᠪᠤᠯᠠᠬ ᠭᠠᠴᠠᠭᠠᠨ ᠤ ᠠᠷᠠᠳ ᠶᠤᠮ᠃      ᠡᠨᠡ ᠵᠢᠯ 45 ᠨᠠᠰᠤᠳᠠᠢ ᠪᠤᠤ ᠰᠢᠦ ᠯᠠᠨ 1998 ᠤᠨ ᠳᠤ ᠪᠠᠢ ᠹᠦ᠋ ᠱᠸᠡᠭ ᠲᠠᠢ ᠤᠷᠤᠬ ᠬᠤᠯᠪᠤᠭᠰᠠᠨ ᠳᠡᠷᠡ ᠴᠠᠬ ᠮᠦᠴᠡ ᠠᠴᠠ ᠡᠬᠢᠯᠡᠨ ᠡᠪᠡᠳᠴᠢᠨ ᠡᠮᠭᠡᠭ ᠲᠠᠢ ᠬᠠᠳᠠᠮ ᠠᠪᠤ ᠡᠵᠢ᠂ ᠲᠦᠯᠠᠢ ᠶᠠᠪᠠ ᠬᠠᠳᠠᠮ ᠠᠬ᠎ᠠ᠂ ᠨᠠᠰᠤᠨ ᠳᠤ ᠬᠦᠷᠦᠭᠡᠳᠤᠢ ᠬᠦᠷᠬᠡᠨ ᠳᠡᠬᠦᠦ᠂ ᠰᠤᠯᠢᠶ᠎ᠠ ᠡᠪᠡᠳᠴᠢᠨ ᠲᠠᠢ ᠡᠷ᠎ᠠ ᠨᠦᠬᠦᠷ ᠢᠶᠠᠨ ᠬᠠᠷᠠᠭᠠᠯᠵᠠᠨ ᠡᠷᠦᠭᠡ ᠭᠡᠷ ᠤᠨ ᠢᠶᠠᠨ ᠳᠤᠯᠭᠠᠭᠤᠷᠢ ᠪᠤᠯᠵᠦ᠂ ᠨᠢᠭᠡ ᠰᠡᠳᠬᠢᠯ ᠨᠢᠬᠡ ᠵᠤᠷᠢᠭ ᠢᠶᠠᠷ ᠠᠵᠤ ᠠᠮᠢᠳᠤᠷᠠᠯ ᠢᠶᠠᠨ ᠭᠡᠵᠦ ᠬᠤᠷᠢᠭᠠᠳ ᠵᠢᠯ ᠵᠢᠳᠬᠦᠭᠰᠡᠭᠡᠷ ᠢᠷᠠᠵᠠᠢ᠃       ᠪᠤᠤ ᠰᠢᠦ ᠯᠠᠨ ᠬᠤᠷᠢᠮᠯᠠᠬᠰᠠᠨ ᠴᠠᠬ ᠠᠴᠠ ᠪᠠᠨ ᠡᠬᠢᠯᠡᠨ ᠭᠡᠷ ᠤᠨ ᠢᠶᠠᠨ ᠭᠤᠤᠯ ᠬᠦᠳᠡᠯᠮᠦᠷᠢ ᠬᠦᠴᠦᠨ ᠪᠤᠯᠵᠦ᠂ ᠭᠠᠯ ᠤᠰᠤ ᠬᠢᠬᠦ ᠠᠴᠠ ᠭᠠᠳᠠᠨ᠎ᠠ ᠳᠤᠳᠤᠨᠡᠬᠢ ᠮᠠᠯ ᠤᠨᠤᠭ᠎ᠠ ᠳᠠᠷᠢᠶ᠎ᠠ ᠲᠦᠮᠦᠰᠦ ᠪᠠᠨ ᠠᠷᠠᠴᠢᠯᠠᠬᠤ ᠪᠠᠶᠢᠳᠠᠭ ᠠᠵᠢᠯ ᠳᠤ ᠪᠤᠷᠪᠢ ᠪᠤᠬᠢᠰᠬᠢᠯ ᠦᠭᠡᠢ ᠶᠠᠭᠠᠷᠠᠵᠤ᠂ ᠠᠮᠢᠳᠤᠷᠠᠯ ᠢᠶᠠᠨ ᠳᠡᠭᠵᠢᠷᠡᠬᠦᠯᠬᠦ ᠪᠠᠷ ᠴᠢᠷᠮᠠᠶᠢᠬᠰᠠᠨ ᠠᠵᠢ᠃ ᠬᠡᠪᠡᠴᠦ ᠬᠠᠳᠠᠮ ᠠᠪᠤ ᠨᠢ ᠤᠳᠠᠭᠠᠨ ᠵᠢᠯ ᠤᠨ ᠠᠭᠤᠰᠬᠢᠨ ᠡᠪᠡᠳᠴᠢᠨ ᠲᠠᠢ ᠪᠤᠯᠬᠤᠷ ᠡᠪᠡᠳᠴᠢᠨ ᠦᠵᠡᠬᠦᠯᠵᠦ ᠡᠮᠨᠡᠯᠭᠡ ᠶᠢᠨ ᠬᠤᠷᠢᠶ᠎ᠠ ᠳᠤ ᠰᠠᠭᠤᠬᠤ ᠰᠦᠢᠳᠭᠡᠯ ᠨᠢ ᠵᠢᠯ ᠳᠤ ᠭᠡᠳᠤᠨ ᠲᠦᠮᠡᠨ ᠲᠦᠬᠦᠷᠢᠭ ᠵᠠᠷᠤᠴᠠᠭᠤᠯᠵᠦ᠂ ᠠᠮᠢᠳᠤᠷᠠᠯ ᠤᠨ ᠳᠠᠷᠤᠭᠠᠰᠦ ᠶᠢ ᠨᠢ ᠨᠠᠩ ᠬᠦᠨᠳᠦᠷᠡᠬᠦᠯᠵᠠᠢ᠃ ᠳᠡᠷᠡ ᠬᠠᠳᠠᠮ ᠠᠪᠤ ᠶᠢᠨ ᠢᠶᠠᠨ ᠡᠪᠡᠳᠴᠢᠨ ᠢ ᠡᠳᠡᠭᠡᠷᠡᠭᠦᠯᠬᠦ ᠪᠠᠷ ᠲᠦᠷᠦᠯ ᠰᠠᠳᠤᠨ ᠨᠠᠶᠢᠵᠢ ᠨᠠᠷ ᠠᠴᠠ ᠪᠠᠨ ᠵᠤᠭᠤᠰ ᠵᠢᠭᠡᠯᠡᠵᠤ᠂ ᠬᠠᠭᠤᠴᠢᠨ ᠭᠡᠷ ᠪᠠ ᠭᠡᠳᠤᠨ ᠮᠤᠷᠢ ᠪᠠᠨ ᠬᠦᠷᠳᠡᠯ᠎ᠠ ᠬᠤᠳᠠᠯᠳᠤᠵᠦ᠂ ᠪᠠᠶᠢᠳᠠᠬ ᠢᠶᠠᠨ ᠬᠦᠨᠳᠦᠷᠦᠨ ᠡᠮᠴᠢᠯᠡᠬᠦᠯᠵᠦ ᠠᠴᠢᠯᠠᠯ ᠢᠶᠠᠨ ᠬᠦᠢᠴᠡᠳᠭᠡᠵᠦ ᠶᠠᠪᠤᠵᠠᠢ᠃      ᠭᠠᠢ ᠭᠠᠵᠠᠷ ᠳᠤᠤᠷ᠎ᠠ ᠠᠴᠠ ᠭᠡᠳᠡᠭᠴᠢᠯᠡᠨ᠂ ᠪᠤᠤ ᠰᠢᠦ ᠯᠠᠨ ᠪᠤᠯᠤᠨ ᠪᠠᠢ ᠹᠦ᠋ ᠱᠸᠡᠭ ᠬᠤᠶᠠᠭᠤᠯᠠ ᠠᠮᠢᠳᠤᠷᠠᠯ ᠤᠨ ᠨᠤᠭᠤᠷᠠᠯ ᠪᠦᠳᠦᠷᠢᠯ ᠲᠠᠢ ᠵᠠᠮ ᠢᠶᠠᠷ ᠡᠷᠡᠯᠬᠡᠭᠯᠡᠨ ᠲᠡᠮᠡᠴᠡᠵᠤ ᠪᠠᠶᠢᠭ᠎ᠠ ᠦᠶᠡᠰ ᠳᠡᠬᠦᠨ ᠤ ᠡᠷ᠎ᠠ ᠨᠦᠬᠦᠷ ᠪᠠᠢ ᠹᠦ᠋ ᠱᠸᠡᠭ ᠨᠢ ᠰᠤᠯᠢᠶ᠎ᠠ ᠡᠪᠡᠳᠴᠢᠨ ᠤᠯᠵᠦ᠂ ᠠᠮᠢᠳᠤᠷᠠᠯ ᠤᠨ ᠬᠦᠨᠳᠦ ᠳᠠᠷᠤᠭᠠᠰᠦ ᠪᠦ᠋ᠬᠦᠨ ᠳᠡᠬᠦᠨ ᠤ ᠮᠦᠷᠦᠨ ᠳᠤ ᠢᠪ ᠲᠠᠷᠤᠨ ᠪᠠᠭᠤᠪᠠ᠃ ᠪᠤᠤ ᠰᠢᠤ ᠯᠠᠨ ᠨᠢᠭᠡ ᠳᠠᠯ᠎ᠠ ᠪᠠᠷ ᠬᠠᠳᠠᠮ ᠠᠬ᠎ᠠ ᠲᠠᠢ ᠪᠠᠨ ᠳᠠᠷᠢᠶ᠎ᠠ ᠲᠦᠮᠦᠰᠦ ᠪᠠᠨ ᠠᠷᠠᠴᠢᠯᠠᠵᠦ ᠨᠠᠭᠠᠳᠦ ᠵᠠᠬ᠎ᠠ ᠶᠢᠨ ᠤᠷᠤᠯᠭ᠎ᠠ ᠪᠠᠨ ᠪᠠᠳᠤᠯᠠᠬᠤ ᠶᠢᠨ ᠬᠠᠮᠳᠦ ᠨᠢᠯᠬ᠎ᠠ ᠪᠠᠭ᠎ᠠ ᠦᠬᠢᠨ ᠢᠶᠠᠨ ᠦᠰᠭᠡᠨ ᠪᠤᠶᠢᠵᠢᠭᠤᠯᠬᠤ᠂ ᠬᠠᠷᠠᠭ᠎ᠠ ᠮᠠᠭᠤᠳᠠᠢ ᠬᠠᠳᠠᠮ ᠡᠵᠢ ᠪᠠᠨ ᠠᠰᠠᠷᠠᠬᠤ᠂ ᠦᠷᠢ ᠰᠢᠷᠢ ᠪᠠᠨ ᠲᠦᠯᠦᠬᠦ ᠶᠢᠨ ᠲᠦᠯᠦᠭᠡ ᠴᠢᠷᠮᠠᠶᠢᠵᠠᠢ᠃ ᠨᠦᠬᠦᠭᠡ ᠳᠠᠯ᠎ᠠ ᠪᠠᠷ ᠪᠠᠰᠠ ᠰᠤᠯᠢᠶ᠎ᠠ ᠡᠪᠡᠳᠴᠢᠨ ᠲᠠᠢ ᠡᠷ᠎ᠡ ᠨᠦᠬᠦᠷ ᠤᠨ ᠢᠶᠠᠨ ᠬᠠᠯᠠ ᠲᠠᠮᠤ ᠶᠢ ᠠᠮᠰᠠᠵᠦ᠂ ᠡᠪᠡᠳᠴᠢᠨ ᠢ ᠨᠢ ᠡᠳᠡᠭᠡᠷᠡᠭᠦᠯᠬᠦ ᠪᠠᠷ ᠬᠦᠶᠤᠨ᠎ᠠ᠃ ᠡᠷ᠎ᠠ ᠨᠦᠬᠦᠷ ᠤᠨ ᠬᠢᠨᠢ ᠡᠪᠡᠳᠴᠢᠨ ᠨᠢ ᠵᠢᠯ ᠤᠨ ᠬᠡᠳᠦ ᠤᠳᠠᠭ᠎ᠠ ᠬᠦᠳᠡᠯᠵᠤ᠂ ᠡᠪᠡᠳᠴᠢᠨ ᠬᠦᠳᠡᠯᠦᠭᠰᠡᠭᠡᠷ ᠭᠡᠨ ᠢ ᠴᠦ ᠳᠠᠨᠢᠬᠤ ᠪᠠᠨ ᠪᠤᠯᠢᠵᠤ᠂ ᠬᠦᠮᠦᠨ ᠦᠵᠡᠭᠰᠡᠭᠡᠷ ᠵᠤᠳᠤᠵᠦ ᠴᠤᠬᠢᠳᠠᠭ ᠪᠤᠯᠪᠠᠴᠦ ᠪᠤᠤ ᠰᠢᠦ ᠯᠠᠨ ᠳᠡᠬᠦᠨ ᠠᠴᠠ ᠲᠦᠭᠡ ᠰᠠᠯᠤᠯ ᠦᠭᠡᠢ ᠪᠠᠷ ᠬᠠᠷᠠᠭᠠᠯᠵᠠᠵᠤ ᠶᠠᠪᠤᠳᠠᠬ᠃ ᠠᠶᠢᠯ ᠠᠶᠢᠮᠠᠬ ᠤᠨ ᠬᠢᠨ ᠳᠡᠬᠦᠨ ᠤ ᠬᠠᠳᠠᠭᠤ ᠪᠡᠷᠭᠡᠰᠢᠶᠡᠯᠳᠠᠢ ᠠᠮᠢᠳᠤᠷᠠᠯ ᠪᠤᠯᠤᠨ ᠨᠢᠩᠵᠢᠨ ᠬᠠᠶᠢᠷ᠎ᠠ ᠪᠢᠯᠬᠠᠭᠰᠠᠨ ᠦᠢᠯᠡ ᠠᠵᠢᠯᠯᠠᠭ᠎ᠠ ᠶᠢ ᠨᠢ ᠦᠵᠡᠬᠡᠳ ᠪᠦᠷ ᠦᠪᠡᠷ ᠤᠨ ᠡᠷᠭᠡ ᠦᠭᠡᠢ ᠦᠷᠦᠪᠴᠢ ᠰᠡᠳᠬᠢᠯ ᠢᠶᠠᠷ ᠳᠡᠬᠦᠨ ᠢ ᠬᠠᠪᠰᠤᠷᠤᠨ ᠳᠡᠮᠵᠢᠳᠡᠭ᠃ ︽ᠪᠢ ᠪᠤᠯ ᠡᠷᠦᠭᠡ ᠭᠡᠷ ᠤᠨ ᠢᠶᠠᠨ ᠳᠤᠯᠭᠠᠭᠤᠷᠢ᠂ ᠪᠢ ᠵᠤᠷᠢᠬ ᠮᠤᠬᠤᠪᠠᠯ ᠡᠨᠡ ᠭᠡᠷ ᠤᠨ ᠠᠮᠢᠳᠤᠷᠠᠯ ᠳᠠᠭᠤᠰᠬᠤ ᠪᠤᠯᠤᠨ᠎ᠠ︾ ᠭᠡᠵᠦ ᠪᠤᠤ ᠰᠢᠤ ᠯᠠᠨ ᠬᠦᠴᠢᠷ ᠪᠡᠷᠭᠡᠰᠢᠶᠡᠯ᠂ ᠶᠠᠳᠠᠭᠤ ᠵᠦᠳᠡᠬᠦᠤ ᠶᠢ ᠬᠠᠶᠢᠬᠤᠷᠤᠯ ᠦᠭᠡᠢ ᠪᠠᠷ ᠰᠠᠶᠢᠨ ᠰᠠᠶᠢᠬᠠᠨ ᠠᠮᠢᠳᠤᠷᠠᠯ ᠢᠶᠠᠨ ᠴᠤᠭᠴᠠᠯᠠᠬᠤ ᠪᠠᠷ ᠴᠢᠷᠮᠠᠶᠢᠬᠰᠠᠭᠠᠷ ᠁       ᠤᠳᠦ ᠳᠡᠬᠦᠨ ᠤ ᠬᠦᠷᠬᠡᠨ ᠳᠡᠬᠦᠦ ᠨᠢ ᠠᠶᠢᠯ ᠬᠡᠷ ᠪᠤᠰᠬᠠᠨ ᠠᠬ᠎ᠠ ᠪᠡᠷᠭᠡᠨ ᠳᠡᠭᠡᠨ ᠳᠤᠰᠠ ᠲᠡᠮ ᠪᠤᠯᠵᠦ ᠪᠠᠶᠢᠬᠤ ᠪᠠᠷ ᠪᠠᠷᠠᠬᠤ ᠦᠭᠡᠢ ᠦᠬᠢᠨ ᠨᠢ ᠴᠦ ᠶᠡᠭᠡ ᠰᠤᠷᠭᠠᠭᠤᠯᠢ ᠪᠠᠨ ᠳᠡᠬᠦᠰᠭᠡᠨ ᠠᠵᠢᠯ ᠤᠨ ᠪᠠᠶᠢᠷᠢᠨ ᠳᠤ ᠭᠠᠷᠴᠦ᠂ ᠡᠵᠢ ᠪᠠᠨ ᠬᠠᠪᠰᠤᠷᠬᠤ ᠪᠤᠯᠤᠬᠰᠠᠨ ᠶᠤᠮ᠃ ᠪᠤᠦ ᠰᠢᠦ ᠯᠠᠨ ᠰᠢᠨ᠎ᠠ ᠴᠠᠬ ᠦᠶ᠎ᠠ ᠶᠢᠨ ᠪᠦᠰᠡᠬᠦ᠋ᠢᠴᠤᠳ ᠤᠨ ᠳᠠᠭᠤᠷᠢᠶᠠᠯ ᠪᠤᠯᠵᠦ᠂ ᠬᠤᠷᠢᠭᠠᠳ ᠵᠢᠯ ᠤᠨ ᠳᠤᠷᠰᠢ ᠶᠠᠳᠠᠭᠤ ᠬᠦᠴᠢᠷᠳᠠᠯᠳᠠᠢ ᠭᠡᠷ ᠡᠷᠦᠭᠡ ᠪᠠᠨ ᠡᠷᠬᠦᠨ ᠠᠩᠭ᠎ᠠ ᠭᠡᠤᠭᠡᠳ ᠢᠶᠠᠨ ᠦᠰᠭᠡᠨ ᠬᠦᠮᠦᠵᠢᠬᠦᠯᠵᠦ᠂ ᠠᠶᠢᠯ ᠭᠡᠷ ᠢᠶᠠᠨ ᠦᠭᠡᠳᠠ ᠲᠠᠳᠠᠵᠤ ᠶᠠᠪᠤᠨ᠎ᠠ᠃
ᠨᠠᠶᠢᠷᠠᠭᠤᠯᠤᠭᠴᠢ᠄
ᠴᠡᠯᠮᠡᠭ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号