ᠵᠢᠯ ᠤᠨ 20 ᠲᠥᠮᠡᠨ ᠲᠥᠬᠦᠷᠢᠭ ᠤᠨ ᠤᠷᠤᠯᠭ᠎ᠠ ᠡᠬᠦᠳᠦᠭᠰᠡᠨ ᠤᠢᠢᠯᠡᠰᠴᠢ ᠪᠥᠰᠡᠬᠦᠢ
2018-05-21 15:33:43
ᠵᠣᠬᠢᠶᠠᠭᠴᠢ᠄ 
ᠡᠷᠳᠡᠨᠢᠳᠤᠬᠳᠠᠬᠤ
ᠣᠩᠰᠢᠭᠰᠠᠨ ᠣᠳᠠᠭ᠎ᠠ᠄ 
★★★☆☆
      ᠦᠪᠡᠷ ᠤᠨ ᠭᠡᠰᠨᠨ ᠤᠨᠴᠠᠯᠢᠭ ᠢᠶᠠᠷ ᠨᠠᠶᠢᠳᠠ ᠤᠯᠠᠨ ᠳᠠᠭᠠᠨ ᠲᠠᠭᠠᠰᠢᠶᠠᠬᠳᠠᠵᠤ᠂ ᠨᠤᠳᠤᠭ ᠤᠰᠤᠨ ᠤ ᠪᠠᠨ ᠲᠠᠪᠠᠭᠤᠯᠢᠭ ᠢ ᠪᠠᠳᠠᠷᠠᠭᠤᠯᠤᠨ ︽ᠰᠠᠶᠢᠷᠠᠮ︾ ᠵᠤᠭᠠᠴᠠᠯ ᠤᠨ ᠭᠠᠵᠠᠷ ᠭᠠᠷᠭᠠᠭᠠᠳ ᠬᠦᠡᠭᠭᠡᠮᠰᠦᠭ ᠵᠤᠴᠢᠨᠰᠠᠭ ᠠᠭᠠᠯᠢ ᠪᠠᠷ ᠢᠶᠠᠨ ᠬᠦᠮᠦᠨ ᠵᠤᠨ ᠳᠤ ᠲᠠᠨᠢᠭᠳᠠᠵᠤ ᠠᠯᠳᠡᠷ ᠨᠠᠷ᠎ᠠ ᠪᠠᠨ ᠲᠠᠭᠤᠷᠢᠰᠤᠭᠤᠯᠵᠤ ᠶᠠᠪᠤᠭ᠎ᠠ ᠬᠦᠮᠦᠨ ᠪᠤᠯ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭ᠋ᠰᠤ ᠶᠢᠨ ᠤᠯᠠᠭᠠᠨ ᠲᠤᠭ ᠭᠠᠴᠠᠭᠠᠨ ᠤ ᠵᠢᠷ ᠤᠨ ᠮᠠᠯᠴᠢᠨ ᠪᠦᠰᠡᠬᠦᠢ ᠤᠷᠠᠨᠽᠠᠨᠳᠠᠨ ᠶᠤᠮᠰᠠᠨ᠃      ᠤᠷᠠᠨᠽᠠᠨᠳᠠᠨ ᠭᠡᠵᠤ ᠲᠠᠪᠢ ᠶᠢᠨ ᠲᠠᠪᠠᠭ᠎ᠠ ᠶᠢ ᠲᠠᠪᠠᠵᠤ ᠨᠢᠭᠡ ᠨᠠᠰᠤ ᠪᠠᠷ ᠢᠶᠠᠨ ᠮᠠᠯ ᠲᠠᠷᠢᠶ᠎ᠠ ᠭᠡᠳ ᠲᠠᠷ ᠲᠠᠮᠢᠷ ᠢᠶᠠᠨ ᠰᠢᠪᠠᠭᠵᠤ ᠲᠠᠩᠰᠤᠭ ᠠᠮᠢᠳᠤᠷᠠᠯ ᠢᠶᠠᠨ ᠠᠵᠢᠯᠴᠢ ᠬᠤᠶᠠᠷ ᠭᠠᠷ ᠢᠶᠠᠷ ᠢᠶᠠᠨ ᠪᠤᠰᠬᠠᠵᠤ᠂ ᠰᠢᠨᠵᠢᠯᠠᠬᠦ ᠤᠠᠬᠭᠠᠨ ᠳᠤ ᠲᠦᠰᠢᠭᠯᠡᠨ ᠰᠢᠨᠳᠡᠷᠡᠰᠢ ᠦᠭᠡᠢ ᠰᠦᠰᠦ ᠵᠤᠷᠢᠭ ᠢᠶᠠᠷ ᠪᠠᠶᠠᠵᠢᠯ ᠤᠨ ᠬᠠᠷᠭᠤᠢ ᠪᠠᠷ ᠵᠠᠮᠨᠠᠵᠤ ᠶᠠᠪᠤᠭ᠎ᠠ ᠶᠤᠮ᠃ ᠤᠷᠠᠨᠽᠠᠨᠳᠠᠨ 1980 ᠤᠨ ᠳᠤ ᠳ᠋ᠠᠪᠠᠨ ᠨᠢᠭᠡᠳᠤᠭᠡᠷ ᠲᠤᠮᠳᠠᠳᠤ ᠰᠤᠷᠭᠠᠭᠤᠯᠢ ᠠᠴᠠ ᠲᠡᠬᠦᠰᠴᠤ ᠶᠡᠭᠡ ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠯᠬᠤᠵᠤ ᠴᠢᠳᠠᠭ᠎ᠠ ᠦᠭᠡᠢ ᠠᠷᠤ ᠭᠡᠷ ᠲᠡᠭᠡᠨ ᠪᠤᠴᠠᠨ ᠠᠪᠤ ᠡᠵᠢ ᠳᠡᠭᠡᠨ ᠬᠠᠪᠰᠤᠷᠪᠠ᠃      ︽ᠬᠦᠤ ᠦᠰᠪᠡᠯ ᠪᠠᠷᠢ ᠪᠠᠭᠤᠯᠭᠠᠵᠤ ᠭᠡᠤᠬᠡᠨ ᠦᠰᠪᠠᠯ ᠬᠠᠷᠢ ᠳᠤ ᠮᠤᠷᠳᠠᠬᠤ ᠨᠢ ᠶᠢᠷᠳᠢᠨᠴᠤ ᠶᠢᠨ ᠶᠤᠰᠤ ᠤᠴᠢᠷ ᠠᠴᠠ ᠨᠠᠰᠤ ᠪᠠᠶ᠎ᠠ ᠬᠦᠢᠴᠡᠭᠰᠠᠨ ᠤᠷᠠᠨᠽᠠᠨᠳᠠᠨ ᠭᠡᠤᠭᠡᠨ ᠲᠤᠰ ᠭᠠᠴᠠᠭᠠᠨ ᠤ ᠪᠠᠨ ᠵᠢᠷᠭᠠᠯ ᠭᠡᠳᠡᠭ ᠵᠠᠯᠠᠭᠤ ᠲᠠᠢ ᠬᠠᠶᠢᠷ᠎ᠠ ᠲᠠᠢ ᠪᠤᠯᠤᠯᠴᠠᠵᠤ᠂ 1983 ᠤᠨ ᠳᠤ ᠬᠤᠷᠢᠮᠯᠠᠭᠠᠳ ᠬᠤᠶᠠᠷ ᠬᠦᠤ ᠲᠠᠢ ᠪᠤᠯᠪᠡ᠃ ᠶᠠᠭ ᠰᠠᠶ᠋ᠢᠬᠠᠨ ᠨᠠᠮ ᠵᠠᠰᠠᠭ ᠠᠴᠠ ᠦᠭᠡᠷᠡᠴᠢᠯᠠᠯᠳᠠ ᠬᠢᠵᠤ ᠴᠢᠯᠦᠭᠡᠳᠠᠢ ᠶᠠᠪᠤᠯᠴᠠᠬᠤ ᠲᠦᠷᠦ ᠶᠢᠨ ᠪᠤᠳᠤᠯᠭ᠎ᠠ ᠶᠢ ᠭᠡᠷᠡᠭᠵᠢᠬᠦᠯᠦᠭᠰᠠᠨ ᠠᠴᠠ ᠬᠤᠶᠠᠷ ᠵᠠᠯᠠᠭᠤ ᠮᠠᠨᠢ ᠴᠤ ᠬᠤᠪᠢᠳᠠᠵᠤ ᠤᠯᠤᠭᠰᠠᠨ ᠴᠦᠭᠡᠪᠦᠷᠢ ᠬᠡᠳᠤᠨ ᠮᠠᠯ ᠢᠶᠠᠨ ᠦᠰᠭᠡᠨ ᠦᠷᠠᠵᠢᠬᠦᠯᠬᠦ ᠶᠢᠨ ᠲᠦᠯᠦᠭᠡ ᠡᠪᠡᠰᠤ ᠪᠠᠯᠴᠢᠭᠡᠷ ᠰᠠᠶᠢᠳᠠᠢ ᠰᠠᠶᠢᠷᠠᠮ ᠨᠤᠳᠤᠭ ᠲᠠᠭᠠᠨ ᠨᠠᠬᠦᠨ ᠤᠴᠢᠵᠤ ᠰᠢᠨᠵᠢᠯᠠᠬᠦ ᠤᠬᠠᠭᠠᠨᠴᠢ ᠪᠠᠷ ᠮᠠᠯ ᠮᠠᠯᠵᠢᠵᠤ ᠡᠬᠦᠯᠳᠡᠷ ᠤᠭᠰᠠᠭ᠎ᠠ ᠶᠢ ᠨᠢ ᠰᠠᠶᠢᠵᠢᠷᠠᠭᠤᠯᠤᠨ ᠦᠰᠭᠡᠨ ᠦᠷᠠᠵᠢᠬᠦᠯᠦᠭᠰᠠᠨ ᠠᠴᠠ 2000 ᠤᠨ ᠪᠤᠯᠬᠤ ᠳᠤ ᠵᠠᠭᠤ ᠰᠢᠬᠠᠮ ᠦᠭᠡᠷ ᠲᠠᠢ 400 ᠭᠠᠷᠤᠢ ᠪᠤᠭ ᠮᠠᠯ ᠲᠠᠢ ᠪᠤᠯᠵᠤ᠂ ᠨᠤᠳᠤᠭ ᠤᠰᠤᠨ ᠳᠠᠭᠠᠨ ᠦᠵᠦᠬᠦᠷ ᠪᠠᠶᠠᠨ ᠡᠷᠦᠭᠡ ᠶᠢᠨ ᠲᠤᠭᠠᠨ ᠳᠤ ᠤᠷᠤᠵᠠᠢ᠃      2009 ᠤᠨ ᠳᠤ ᠰᠠᠶᠢᠷᠠᠮ ᠳᠠᠬᠢ ᠠᠶᠢᠯ ᠡᠷᠦᠭᠡ ᠶᠢ ᠳ᠋ᠠᠪᠠᠨ ᠪᠠᠯᠭᠠᠰᠤᠨ ᠤ ᠡᠮᠤᠨ᠎ᠡ ᠭᠡᠰᠡᠭ ᠲᠠᠷᠠᠰᠤ ᠭᠠᠴᠠᠭᠠᠨ ᠤ ᠬᠠᠷᠢᠶᠠᠨ ᠳᠤ ᠨᠠᠬᠦᠯᠭᠡᠨ ᠠᠪᠴᠢᠷᠠᠪᠠ᠃ ᠢᠡᠭᠬᠢᠭᠡᠳ ᠤᠷᠠᠨᠽᠠᠨᠳᠠᠨ ᠴᠤ ᠨᠤᠳᠤᠭ ᠪᠠᠯᠴᠢᠭᠡᠷ ᠢᠶᠠᠨ ᠠᠯᠳᠠᠵᠤ᠂ ᠠᠷᠭ᠎ᠠ ᠪᠤᠰᠤ ᠲᠠᠷᠠᠰᠤᠨ ᠳᠤ ᠨᠠᠬᠦᠨ ᠢᠷᠠᠵᠤ ᠰᠠᠭᠠᠯᠢ ᠶᠢᠨ ᠦᠨᠢᠶ᠎ᠠ ᠲᠡᠵᠢᠭᠡᠵᠤ᠂ ᠴᠠᠭᠠᠨ ᠢᠳᠡᠭᠡ ᠪᠤᠯᠪᠠᠰᠤᠷᠠᠭᠤᠯᠵᠤ ᠪᠤᠷᠤᠯᠠᠭᠤᠯᠪᠡ᠃ ᠶᠠᠮᠠᠷ ᠨᠢᠭᠡᠨ ᠠᠵᠢᠯ ᠦᠢᠯᠠᠰ ᠢ ᠡᠷᠬᠢᠯᠠᠬᠦ ᠳᠤ ᠦᠷᠢᠰᠦᠯᠳᠦᠭᠡᠨ ᠤ ᠠᠷᠭ᠎ᠠ ᠰᠠᠮᠪᠠᠭ᠎ᠠ ᠴᠢᠬᠤᠯᠨ ᠪᠠᠶᠢᠳᠠᠭ ᠠᠴᠠ ᠤᠷᠠᠨᠽᠠᠨᠳᠠᠨ ᠤ ᠬᠢᠨᠢ ᠤᠷᠤᠯᠭ᠎ᠠ ᠶᠢᠨ ᠲᠠᠯ᠎ᠠ ᠪᠠᠷ ᠲᠠᠪᠠᠭᠤ ᠪᠠᠶᠢᠭᠰᠠᠨ ᠴᠤ ᠰᠦ ᠰᠠᠭᠠᠯᠢ ᠶᠢᠨ ᠬᠠᠨᠭ᠍ᠭᠠᠯᠭ᠎ᠠ ᠨᠢ ᠭᠡᠷᠡᠭᠴᠡᠭᠡᠨ ᠠᠴᠠ ᠪᠠᠨ ᠭᠡᠳᠤᠷᠡᠭᠰᠠᠨ ᠠᠴᠠ ᠰᠦ ᠰᠠᠭᠠᠯᠢ ᠶᠢᠨ ᠤᠷᠤᠯᠭ᠎ᠠ ᠨᠢ ᠦᠨᠢᠶ᠎ᠠ ᠪᠠᠨ ᠲᠡᠵᠢᠭᠡᠵᠤ ᠲᠠᠶᠢᠯᠬᠦ ᠦᠭᠡᠢ ᠬᠡᠮᠵᠢᠶᠠᠨ ᠳᠤ ᠬᠦᠷᠦᠭᠰᠠᠨ ᠠᠴᠠ ᠠᠷᠪᠠ ᠭᠠᠷᠤᠢ ᠰᠠᠭᠠᠯᠢ ᠶᠢᠨ ᠦᠨᠢᠶ᠎ᠠ ᠪᠠᠨ ᠪᠦᠬᠦᠨ ᠢ ᠬᠤᠳᠠᠯᠳᠤᠵᠤ᠂ ᠶᠡᠭᠡ ᠬᠦᠤ ᠪᠠᠷᠢ ᠯᠦᠡᠭ ᠮᠸᠢ ᠲᠠᠢ ᠪᠠᠨ ᠳ᠋ᠠᠪᠠᠨ ᠪᠠᠯᠭᠠᠰᠤᠨ ᠳᠤ ᠤᠷᠤᠵᠤ ︽ᠰᠠᠶᠢᠷᠠᠮ︾ ᠮᠤᠩᠭᠤᠯ ᠬᠤᠭᠤᠯᠠᠨ ᠭᠡᠷ ᠡᠷᠬᠢᠯᠠᠵᠤ᠂ ᠮᠤᠩᠭᠤᠯ ᠤᠨᠴᠠᠯᠢᠭ ᠲᠠᠢ ᠢᠳᠡᠭᠡᠨ ᠤᠮᠳᠠᠭᠠᠨ ᠡᠵᠡᠩᠨᠡᠭᠰᠠᠨ ᠠᠴᠠ ᠬᠤᠯᠠ ᠦᠢᠷ᠎ᠠ ᠶᠢᠨ ᠵᠤᠴᠢᠳ ᠤᠨ ᠬᠦᠷᠢᠶᠠᠯᠠᠯ ᠢ ᠤᠯᠵᠤ ᠠᠰᠢᠭ ᠤᠷᠤᠯᠭ᠎ᠠ ᠶᠢᠨ ᠲᠠᠯ᠎ᠠ ᠪᠠᠷ ᠲᠠᠪᠠᠭᠤ ᠪᠤᠯᠵᠤ ᠲᠤᠭᠳᠠᠯ᠎ᠠ᠃      ︽ᠰᠠᠶᠢᠨ ᠶᠠᠪᠤᠳᠠᠯ ᠳᠤ ᠰᠠᠭᠠᠳ ᠤᠯᠠᠨ︾ ᠭᠡᠳᠡᠭᠴᠢᠯᠠᠨ ᠬᠦᠮᠦᠨ ᠤ ᠠᠮᠢᠳᠤᠷᠠᠯ ᠤᠨ ᠵᠠᠮ ᠨᠢ ᠦᠭᠡᠳᠡ ᠲᠠᠢ ᠤᠷᠤᠭᠤ ᠲᠠᠢ ᠭᠡᠳᠡᠭ ᠢ ᠶᠠᠭᠠᠬᠢᠯᠳᠠᠢ ᠳ᠋ᠡ︕ 2010 ᠤᠨ ᠳᠤ ᠲᠡᠬᠦᠨ ᠤ ᠡᠷ᠎ᠡ ᠨᠦᠬᠦᠷ ᠵᠢᠷᠭᠠᠯ ᠨᠢ ᠲᠡᠷᠭᠡᠨ ᠠᠳᠡᠯ ᠠᠴᠠ ᠪᠤᠯᠵᠤ ᠡᠭᠡᠨᠡᠷ ᠭᠡᠤᠭᠡᠳ ᠢᠶᠠᠨ ᠬᠠᠶᠠᠭᠠᠳ ᠵᠤᠯ ᠪᠤᠰᠤ ᠶᠢᠷᠳᠢᠨᠴᠤ ᠠᠴᠠ ᠠᠶᠠᠷᠯᠠᠵᠠᠢ᠃      ︽ᠵᠠᠮ ᠤᠨ ᠲᠤᠮᠳᠠ ᠠᠠᠳᠠ ᠠᠴᠠ ᠪᠠᠨ ᠰᠠᠯᠬᠤ᠂ ᠵᠠᠯᠠᠭᠤ ᠨᠠᠰᠤᠨ ᠳᠠᠭᠠᠨ ᠬᠠᠨᠢ ᠨᠦᠬᠦᠷ ᠠᠴᠠ ᠪᠠᠨ ᠬᠠᠭᠠᠴᠠᠬᠤ ᠠᠴᠠ ᠢᠯᠠᠬᠦᠦ ᠬᠠᠷᠠᠮᠰᠠᠯ ᠭᠤᠨᠢᠭ ᠭᠡᠭᠴᠢ ᠡᠨᠠ ᠬᠤᠷᠸ᠎ᠠ ᠳᠤ ᠦᠭᠡᠷ᠎ᠠ ᠶᠠᠭᠤ ᠪᠠᠶᠢᠬᠤ ᠪᠢᠯᠠ᠃ ᠡᠨᠠ ᠨᠢ ᠤᠷᠠᠨᠽᠠᠨᠳᠠᠨ ᠳᠤ ᠲᠦᠢᠯ ᠤᠨ ᠬᠦᠨᠳᠤ ᠴᠤᠬᠢᠯᠳᠠ ᠪᠤᠯᠵᠤ᠂ ᠰᠡᠳᠬᠢᠯ ᠰᠠᠨᠠᠭᠠᠨ ᠤ ᠲᠠᠷᠤᠯᠳᠠ ᠶᠢ ᠲᠡᠰᠪᠤᠷᠢᠯᠡᠬᠦᠶ᠎ᠡ ᠪᠡᠷᠭᠡ ᠪᠤᠯᠵᠤ᠂ ᠦᠢᠳᠬᠠᠷ ᠭᠤᠨᠢᠭ ᠢ ᠡᠳ᠋ᠯᠡᠭᠰᠠᠨ ᠠᠴᠠ ᠡᠷᠬᠢᠯᠡᠭᠰᠠᠨ ᠦᠢᠯᠠᠰ ᠨᠢ ᠴᠤ ᠡᠷᠬᠢᠯᠳᠠ ᠪᠠᠷ ᠠᠨᠠᠢ ᠪᠤᠯᠵᠤ᠂ ᠬᠤᠭᠤᠯᠠᠨ ᠭᠡᠷ ᠢᠶᠠᠨ ᠠᠷᠭ᠎ᠠ ᠪᠤᠰᠤ ᠪᠤᠰᠤᠳ ᠲᠤ ᠰᠢᠯᠵᠢᠬᠦᠯᠦᠨ ᠬᠤᠳᠠᠯᠳᠤᠪᠠ᠃ ᠤᠷᠠᠨᠽᠠᠨᠳᠠᠨ ᠰᠡᠳᠬᠢᠯ ᠢᠶᠠᠨ ᠴᠢᠩᠭᠠᠯᠠᠨ ᠭᠡᠤᠭᠡᠳ ᠤᠳ ᠲᠠᠢ ᠪᠠᠨ ᠵᠦᠪᠯᠠᠵᠤ ᠪᠠᠶᠢᠭᠠᠳ 2015 ᠤᠨ ᠳᠤ ᠲᠦᠷᠦᠭᠰᠠᠨ ᠨᠤᠳᠤᠭ ᠰᠠᠶᠢᠷᠠᠮ ᠳᠠᠭᠠᠨ ᠤᠴᠢᠵᠤ ᠤᠯᠠᠭᠠᠨᠬᠠᠳᠠ ᠳ᠋ᠠᠪᠠᠨ ᠢ ᠬᠤᠯᠪᠤᠭᠰᠠᠨ ᠵᠠᠰᠠᠮᠠᠯ ᠵᠠᠮ ᠤᠨ ᠬᠠᠵᠠᠭᠤ ᠳᠤ ᠵᠤᠭᠠᠴᠠᠯ ᠤᠨ ᠦᠢᠯᠠᠰ ᠡᠷᠬᠢᠯᠠᠪᠠ᠃ ᠢᠡᠭᠬᠢᠭᠡᠳ ᠶᠡᠭᠡ ᠬᠦᠤ ᠪᠤᠶᠠᠨᠳᠠᠯᠠᠢ ᠨᠢ ᠠᠵᠢᠯ ᠠᠯᠪᠠ ᠪᠠᠨ ᠡᠷᠬᠢᠯᠠᠵᠤ᠂ ᠡᠵᠢ ᠪᠤᠯᠤᠨ ᠪᠦᠰᠡᠬᠦᠢ ᠳᠡᠭᠡᠨ ᠬᠠᠮᠵᠢᠨ ᠠᠳᠤᠭᠤ ᠮᠠᠯ ᠢᠶᠠᠨ ᠠᠷᠠᠴᠢᠯᠠᠨ ᠵᠤᠭᠠᠴᠠᠯ ᠤᠨ ᠠᠵᠢᠯ ᠳᠤᠨᠢ ᠬᠠᠮᠵᠢᠪᠠ᠃      ᠮᠤᠩᠭᠤᠯ ᠨᠤᠳᠤᠭ ᠲᠤ ᠵᠤᠭᠠᠴᠠᠯ ᠤᠨ ᠦᠢᠯᠠᠰ ᠡᠷᠬᠢᠯᠠᠬᠦ ᠳᠤ ᠵᠠᠪᠠᠯ ᠮᠤᠩᠭᠤᠯ ᠤᠨᠴᠠᠯᠢᠭ ᠲᠠᠢ ᠢᠳᠡᠭᠡᠨ ᠤᠮᠳᠠᠭᠠᠨ ᠲᠠᠢ᠂ ᠮᠤᠩᠭᠤᠯ ᠵᠠᠩ ᠵᠠᠩᠰᠢᠯ ᠢᠶᠠᠷ ᠢᠶᠠᠨ ᠵᠤᠭᠠᠴᠠᠬᠰᠡᠳ ᠢ ᠲᠠᠳᠠᠵᠤ ᠵᠤᠭᠠᠴᠠᠯ ᠤᠨ ᠦᠢᠯᠠᠰ ᠢᠶᠠᠨ ᠬᠦᠭᠵᠢᠬᠦᠯᠵᠤ ᠲᠡᠶᠢᠯᠦᠨ᠎ᠡ ᠭᠡᠵᠤ ᠦᠵᠡᠭᠡᠳ ᠶᠡᠭᠡ ᠬᠦᠤ ᠨᠢ ᠦᠵᠦᠮᠦᠴᠢᠨ ᠳᠤ ᠬᠦᠷᠴᠤ ᠴᠡᠭᠡ ᠬᠢᠬᠦ ᠮᠡᠷᠭᠡᠵᠢᠯ ᠢ ᠰᠤᠷᠤᠭᠰᠠᠨ ᠪᠦᠭᠡᠳ ᠴᠡᠭᠡ ᠶᠢᠨ ᠬᠦᠷᠦᠩᠭᠡ ᠶᠢ ᠴᠤ ᠵᠠᠯᠠᠵᠤ ᠠᠪᠴᠢᠷᠠᠨ ᠭᠡᠬᠦᠦ ᠰᠠᠭᠠᠵᠤ ᠴᠡᠭᠡ ᠬᠢᠵᠤ ᠪᠤᠷᠤᠯᠠᠭᠤᠯᠪᠠ᠃ ᠤᠳᠤ ᠪᠤᠯᠬᠤ ᠳᠤ ᠵᠤᠭᠠᠴᠠᠭᠰᠠᠳ ᠲᠤ ᠬᠠᠨᠳᠤᠭᠤᠯᠤᠨ ᠠᠷᠪᠠᠭᠠᠳ ᠨᠤᠮᠤᠬᠠᠨ ᠮᠤᠷᠢ ᠤᠶᠠᠵᠤ ᠪᠠᠶᠢᠬᠤ ᠪᠦᠭᠡᠳ ᠮᠤᠷᠢᠨ ᠲᠡᠷᠭᠡ᠂ ᠡᠯᠡᠰᠤᠨ ᠳᠤ ᠤᠨᠠᠬᠤ ᠭᠤᠷᠪᠠᠨ ᠬᠦᠷᠳᠤᠳᠤ ᠮᠤᠲ᠋ᠤᠷ ᠵᠡᠷᠭᠡ ᠪᠠᠭᠠᠵᠢ ᠭᠡᠷᠡᠭᠰᠡᠯ ᠪᠦᠷᠢᠨ ᠬᠦᠢᠴᠡᠳ ᠪᠡᠯᠡᠳᠭᠡᠭᠰᠠᠨ ᠠᠴᠠ ᠵᠤᠭᠠᠴᠠᠬᠤ ᠬᠦᠮᠦᠰ ᠡᠳᠤᠷ ᠢᠷᠡᠬᠦᠶ᠎ᠠ ᠤᠯᠠᠰᠢᠷᠠᠵᠠᠢ᠃ ᠬᠠᠪᠤᠷ ᠵᠤᠨ ᠨᠠᠮᠤᠷ ᠭᠤᠷᠪᠠᠨ ᠤᠯᠠᠷᠢᠯ ᠤᠨ ᠵᠤᠭᠠᠴᠠᠯ ᠤᠨ ᠤᠷᠤᠯᠭ᠎ᠠ ᠨᠢ 20 ᠭᠠᠷᠤᠢ ᠲᠦᠮᠠᠨ ᠲᠦᠬᠦᠷᠢᠭ ᠲᠤ ᠬᠦᠷᠴᠤ ᠪᠠᠶᠢᠨ᠎ᠡ᠃
ᠨᠠᠶᠢᠷᠠᠭᠤᠯᠤᠭᠴᠢ᠄
ᠴᠡᠯᠮᠡᠭ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号