ᠥᠪᠡᠷ ᠲᠡᠭᠡᠨ ᠰᠤᠷᠴᠤ ᠴᠢᠳᠠᠪᠤᠷᠢᠲᠠᠨ ᠪᠣᠯᠬᠤ ᠪᠠᠷ ᠴᠢᠷᠮᠠᠶᠢᠰᠤᠭᠠᠢ
2018-08-31 16:35:02
ᠵᠣᠬᠢᠶᠠᠭᠴᠢ᠄ 
ᠯᠢ ᠪᠤᠶᠠᠨᠴᠤᠬᠯᠠ
ᠣᠩᠰᠢᠭᠰᠠᠨ ᠣᠳᠠᠭ᠎ᠠ᠄ 
★★★☆☆
    ᠴᠢᠳᠠᠪᠤᠷᠢ ᠪᠣᠯ ᠮᠡᠳᠡᠯᠭᠡ ᠠᠴᠠ ᠢᠷᠡᠳᠡᠭ᠃ ᠡᠶᠢᠨ ᠬᠦ ᠴᠢᠳᠠᠪᠤᠷᠢᠲᠠᠨ ᠪᠣᠯᠬᠤ ᠨᠢ ᠮᠡᠳᠡᠯᠭᠡ ᠡᠵᠡᠮᠰᠢᠬᠦ ᠲᠠᠢ ᠨᠢᠬᠲᠠ ᠬᠤᠯᠪᠤᠭ᠎ᠠ ᠲᠠᠢ᠃ ᠨᠢᠭᠡ ᠬᠦᠮᠦᠨ ᠤ ᠴᠢᠳᠠᠪᠤᠷᠢ ᠲᠠᠢ ᠪᠣᠯᠵᠤ ᠴᠢᠳᠠᠬᠤ ᠡᠰᠡᠬᠦ ᠨᠢ ᠰᠤᠷᠭᠠᠭᠤᠯᠢ ᠳᠤ ᠪᠠᠶᠢᠬᠤ ᠡᠰᠡᠬᠦ ᠳᠤ ᠪᠠᠶᠢᠭ᠎ᠠ ᠪᠢᠰᠢ᠂ ᠬᠠᠷᠢᠨ ᠰᠥᠰᠥ ᠵᠣᠷᠢᠭ ᠢᠲᠡᠭᠡᠯ ᠬᠦᠰᠡᠯ ᠪᠠ ᠪᠡᠷᠬᠡ ᠶᠢ ᠢᠯᠠᠵᠤ ᠬᠦᠴᠢᠷ ᠢ ᠲᠤᠭᠤᠯᠵᠤ᠂ ᠰᠢᠷᠭᠠᠭᠤ ᠬᠠᠲᠠᠭᠤᠵᠢᠯᠲᠠᠢ ᠰᠤᠷᠤᠯᠴᠠᠵᠤ ᠴᠢᠳᠠᠬᠤ ᠡᠰᠡᠬᠦ ᠳᠤ ᠪᠠᠶᠢᠳᠠᠭ᠃    ᠣᠳᠣ ᠶᠢᠨ ᠪᠠᠶᠢᠳᠠᠯ ᠠᠴᠠ ᠦᠵᠡᠪᠠᠯ᠂ ᠵᠠᠷᠢᠮ ᠰᠤᠷᠭᠠᠭᠤᠯᠢ ᠳᠠᠪᠰᠢᠵᠤ ᠴᠢᠳᠠᠭ᠎ᠠ ᠦᠭᠡᠢ ᠵᠠᠯᠠᠭᠤ ᠰᠤᠷᠤᠬᠴᠢᠤᠨ ᠢᠲᠡᠭᠡᠯ ᠠᠯᠳᠠᠨ ᠪᠡᠶ᠎ᠡ ᠪᠠᠨ ᠭᠤᠯᠤᠵᠤ ᠭᠠᠷᠬᠤ ᠵᠠᠮ ᠶᠠᠪᠤᠬᠤ ᠮᠦᠷ ᠮᠤᠬᠤᠷ ᠬᠡᠮᠡᠨ ᠡᠯᠳᠡᠪ ᠤᠨ ᠰᠢᠯᠲᠠᠭ ᠢᠶᠠᠷ ᠴᠠᠭ ᠮᠦᠴᠡ ᠪᠠᠨ ᠲᠠᠯᠠᠭᠠᠷ ᠰᠦᠢᠦᠨᠬᠡᠨ᠂ ᠠᠷᠢᠬᠢ ᠣᠤᠭᠤᠨ ᠠᠶᠢᠯ ᠬᠡᠰᠦᠨ᠂ ᠵᠣᠭᠤᠰ ᠮᠥᠷᠦ᠋ᠢᠴᠡᠨ ᠵᠣᠭᠤᠭ ᠳᠡᠯᠭᠡᠨ ᠵᠠᠯᠠᠭᠤ ᠨᠠᠰᠤᠨ ᠤ ᠰᠢᠵᠢᠷ ᠠᠯᠲᠠᠨ ᠴᠠᠭ ᠦᠶ᠎ᠡ ᠪᠠᠨ ᠣᠤᠠᠬ᠎ᠠ ᠠᠭᠤᠯᠭ᠎ᠠ ᠦᠭᠡᠢ ᠥᠩᠭᠡᠷᠡᠭᠡᠵᠦ ᠪᠤᠢ᠃    ᠵᠠᠯᠠᠭᠤ ᠨᠠᠰᠤ ᠪᠣᠯ ᠥᠷᠯᠦᠭᠡ ᠶᠢᠨ ᠨᠠᠢᠮᠠ ᠶᠢᠰᠦᠨ ᠴᠠᠭ ᠤᠨ ᠨᠠᠷᠠᠨ ᠮᠡᠳᠥ᠃ ᠳᠠᠷᠢᠬᠢ ᠲᠣᠯᠤᠭᠠᠢ ᠬᠤᠷᠴᠠ ᠰᠡᠷᠭᠡᠭ ᠤᠶᠤᠨ ᠤᠬᠠᠭᠠᠨ ᠤᠨᠳᠤᠷᠤᠨ ᠪᠦᠷᠢᠦᠨᠴᠦ ᠪᠠᠶᠢᠭ᠎ᠠ ᠰᠢᠵᠢᠷ ᠠᠯᠲᠠᠨ ᠴᠠᠭ ᠦᠶ᠎ᠡ᠂ ᠪᠠᠰᠠᠴᠤ ᠬᠦᠰᠡᠯᠡᠩ ᠳᠡᠭᠡᠨ ᠲᠡᠮᠡᠦᠯᠦᠨ ᠪᠢᠯᠢᠭ ᠢᠶᠠᠨ ᠬᠤᠷᠴᠠᠯᠠᠠ ᠶᠡᠭᠡ ᠤᠶᠢᠯᠡᠰ ᠪᠦᠳᠦᠭᠡᠬᠦ ᠡᠬᠢᠯᠡᠯᠳᠠ ᠶᠢᠨ ᠰᠠᠶᠢᠬᠠᠨ ᠴᠠᠭ ᠦᠶ᠎ᠡ᠃ ᠡᠨᠡ ᠬᠦ ᠭᠠᠩᠭᠠᠩ ᠰᠠᠶᠢᠬᠠᠨ ᠵᠠᠯᠠᠭᠤ ᠨᠠᠰᠤᠨ ᠳᠠᠭᠠᠨ ᠴᠠᠭ ᠲᠣᠬᠢᠶᠠᠯ ᠢ ᠠᠯᠳᠠᠯ ᠦᠭᠡᠢ ᠡᠷᠳᠡᠮ ᠮᠡᠳᠡᠯᠭᠡ ᠶᠢ ᠡᠵᠡᠮᠰᠢᠵᠦ᠂ ᠰᠢᠨᠵᠢᠯᠡᠬᠦ ᠤᠬᠠᠭᠠᠨ ᠤ ᠨᠣᠶᠠᠨ ᠣᠷᠭᠢᠯ ᠳᠤ ᠠᠪᠠᠷᠢᠨ᠂ ᠤᠯᠤᠰ ᠣᠷᠣᠨ ᠢᠶᠠᠨ ᠪᠦᠳᠦᠭᠡᠨ ᠪᠠᠶᠢᠭᠤᠯᠤᠨ ᠬᠥᠭᠵᠢᠭᠦᠯᠬᠦ ᠳᠤ ᠡᠷᠳᠡᠮ ᠴᠢᠳᠠᠪᠤᠷᠢ ᠪᠠᠨ ᠡᠷᠭᠦᠬᠦ ᠨᠢ ᠰᠢᠨ᠎ᠡ ᠴᠠᠭ ᠦᠶ᠎ᠡ ᠶᠢᠨ ᠤᠶᠤᠲᠠᠨ ᠰᠡᠭᠡᠭᠡᠲᠡᠨ ᠵᠠᠯᠠᠭᠤᠴᠤᠳ ᠤᠨ ᠵᠠᠶᠢᠯᠠᠭᠤᠯᠵᠤ ᠪᠣᠯᠤᠰᠢ ᠦᠭᠡᠢ ᠵᠦᠢ ᠶᠣᠰᠣᠨ ᠤ ᠡᠷᠬᠢᠮ ᠨᠠᠨᠲᠢᠨ ᠡᠭᠦᠷᠭᠡ ᠬᠠᠷᠢᠭᠤᠴᠠᠯᠭ᠎ᠠ ᠪᠣᠯᠤᠨ᠎ᠠ᠃    ᠣᠳᠣ᠂ ᠨᠠᠮ ᠵᠠᠰᠠᠭ ᠠᠴᠠ ᠠᠵᠢᠯ ᠮᠡᠷᠭᠡᠵᠢᠯ ᠤᠨ ᠰᠤᠷᠭᠠᠨ ᠬᠦᠮᠦᠵᠢᠯ ᠢ ᠬᠤᠪᠢ ᠶᠢᠨ ᠭᠠᠳᠠᠨ᠎ᠠ ᠴᠢᠬᠤᠯᠠᠴᠢᠯᠠᠵᠥ᠂ ᠵᠠᠯᠠᠭᠤᠴᠤᠳ ᠨᠢᠭᠡᠪᠦᠷᠢ ᠶᠢ ᠮᠡᠳᠡᠯᠭᠡ ᠰᠤᠷᠴᠤ ᠮᠡᠷᠭᠡᠵᠢᠯ ᠡᠵᠡᠮᠰᠢᠨ ᠴᠢᠳᠠᠪᠤᠷᠢᠲᠠᠨ ᠪᠣᠯᠬᠤ ᠶᠢ ᠬᠠᠯᠠᠭᠤᠨ ᠢᠶᠠᠷ ᠳᠡᠮᠵᠢᠨ ᠬᠦᠴᠦᠲᠡᠢ ᠵᠣᠷᠢᠬᠵᠢᠭᠤᠯᠵᠤ ᠪᠠᠶᠢᠨ᠎ᠠ᠃ ᠡᠭᠦᠨ ᠢ ᠪᠡᠶᠡᠯᠡᠭᠦᠯᠬᠦ ᠳᠤ ᠠᠵᠢᠯ ᠮᠡᠷᠭᠡᠵᠢᠯ ᠤᠨ ᠰᠤᠷᠭᠠᠭᠤᠯᠢ ᠳᠤ ᠰᠤᠷᠤᠯᠴᠠᠬᠤ ᠪᠠᠷ ᠪᠠᠷᠠᠬᠤ ᠦᠭᠡᠢ ᠨᠡᠩ ᠴᠢᠬᠤᠯᠠ ᠨᠢ ᠥᠪᠡᠷ ᠲᠡᠭᠡᠨ ᠰᠤᠷᠤᠯᠴᠠᠬᠤ ᠶᠠᠪᠤᠳᠠᠯ ᠪᠣᠯᠤᠨ᠎ᠠ᠃ ᠥᠪᠡᠷ ᠲᠡᠭᠡᠨ ᠰᠤᠷᠴᠤ ᠡᠷᠳᠡᠮᠲᠡᠨ ᠴᠢᠳᠠᠪᠤᠷᠢᠲᠠᠨ ᠪᠣᠯᠬᠤ ᠵᠠᠮ ᠪᠣᠯ ᠥᠷᠭᠡᠨ ᠠᠭᠤᠳᠠᠮ ᠶᠤᠮ᠃ ᠡᠶᠢᠨ ᠬᠦ ᠥᠪᠡᠷ ᠲᠡᠭᠡᠨ ᠰᠤᠷᠴᠤ ᠴᠢᠳᠠᠪᠤᠷᠢᠲᠠᠨ ᠪᠣᠯᠬᠤ ᠳᠤ ᠠᠯᠢᠪᠠ ᠲᠤᠯᠭᠠᠷᠠᠵᠤ ᠲᠣᠬᠢᠶᠠᠯᠳᠤᠬᠰᠠᠨ ᠪᠡᠷᠬᠡᠰᠢᠶᠡᠯ ᠨᠤᠭᠤᠷᠠᠯ ᠢ ᠵᠣᠷᠢᠬᠲᠠᠢ ᠢᠯᠠᠨ ᠳᠠᠪᠠᠵᠤ᠂ ᠴᠠᠭ ᠢ ᠰᠠᠶᠢᠳᠤᠷ ᠠᠰᠢᠬᠯᠠᠨ ᠰᠢᠷᠭᠠᠭᠤ ᠴᠢᠷᠮᠠᠶᠢᠨ ᠰᠤᠷᠤᠯᠴᠠᠳᠠᠭ ᠯᠠ ᠶᠤᠮ ᠪᠣᠯ ᠡᠴᠦᠰ ᠤᠨ ᠢᠯᠠᠯᠲᠠ ᠶᠢ ᠲᠡᠮᠡᠴᠡᠨ ᠣᠯᠬᠤ ᠨᠢ ᠯᠠᠪᠲᠠᠢ᠃    ᠵᠠᠯᠠᠭᠤᠴᠤᠳ ᠮᠠᠨᠢ᠂ ᠥᠪᠡᠷ ᠲᠡᠭᠡᠨ ᠰᠤᠷᠴᠤ ᠡᠷᠳᠡᠮᠲᠡᠨ ᠴᠢᠳᠠᠪᠤᠷᠢᠲᠠᠨ ᠪᠣᠯᠬᠤ ᠪᠠᠷ ᠴᠢᠷᠮᠠᠶᠢᠵᠠᠭᠠᠶ᠎ᠠ︕
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号