ᠳᠠᠪᠤᠰᠤ ᠭᠡᠳᠦᠷᠡᠪᠡᠯ ᠵᠢᠰᠦ ᠮᠠᠭᠤᠳᠠᠨ᠎ᠠ ᠪᠡᠶ᠎ᠡ ᠳᠤ ᠴᠤ ᠮᠠᠭᠤ
2018-09-17 15:34:08
ᠵᠣᠬᠢᠶᠠᠭᠴᠢ᠄ 
ᠣᠩᠰᠢᠭᠰᠠᠨ ᠣᠳᠠᠭ᠎ᠠ᠄ 
★★★☆☆
    ᠪᠠᠭ᠎ᠠ ᠰᠤᠷᠭᠠᠭᠤᠯᠢ ᠶᠢᠨ ᠬᠢᠴᠢᠶᠡᠯ ᠤᠨ ᠪᠢᠴᠢᠭ ᠲᠤ ᠨᠢᠭᠡ ︽ᠳᠡᠯᠡᠬᠡᠢ ᠳᠡᠭᠡᠷᠡᠬᠢ ᠬᠠᠮᠤᠭ ᠤᠨ ᠠᠮᠳᠠᠳᠠᠢ ᠢᠳᠡᠭᠡᠨ ᠶᠠᠭᠤ ᠪᠤᠢ︖︾ ᠭᠡᠰᠡᠨ ᠠᠭᠤᠯᠭ᠎ᠠ ᠲᠠᠢ ᠬᠢᠴᠢᠶᠡᠯ ᠪᠠᠶᠢᠵᠤ᠂ ᠡᠴᠤᠰ ᠤᠨ ᠬᠠᠷᠢᠭᠤᠯᠳᠠ ᠨᠢ ︽ᠳᠠᠪᠤᠰᠤ︾ ᠪᠠᠶᠢᠳᠠᠭ ᠰᠢᠬ ᠰᠠᠨᠠᠭᠳᠠᠵᠤ ᠪᠠᠶᠢᠨ᠎ᠠ᠃ ᠳᠠᠪᠤᠰᠤ ᠳᠤᠳᠠᠭᠳᠠᠵᠤ ᠪᠤᠯᠬᠤ ᠦᠭᠡᠢ ᠭᠡᠳᠡᠭ ᠵᠢᠱᠢᠶ᠎ᠠ ᠶᠢ ᠡᠨᠡ ᠮᠡᠳᠦ ᠪᠠᠷ ᠤᠯᠠᠨ ᠤᠯᠠᠨ ᠳᠤᠷᠠᠳᠴᠤ ᠪᠤᠯᠤᠨ᠎ᠠ᠃ ᠭᠡᠪᠡᠴᠦ ᠶᠠᠭᠤ ᠶᠢ ᠴᠤ ᠬᠡᠮᠵᠢᠶ᠎ᠠ ᠲᠠᠢ ᠡᠳ᠋ᠯᠡᠬᠦ ᠭᠡᠷᠡᠭᠳᠡᠢ᠂ ᠭᠡᠳᠦᠷᠡᠪᠡᠯ ᠤᠷᠰᠢᠬ ᠳᠠᠳᠠᠨ᠎ᠠ᠃        ᠳᠠᠪᠤᠰᠤ ᠭᠡᠳᠦ ᠢᠳᠡᠪᠡᠯ ᠵᠢᠰᠦ ᠮᠠᠭᠤᠳᠠᠨ᠎ᠠ    ᠳᠠᠪᠤᠰᠤ ᠪᠤᠯ ᠬᠠᠮᠤᠭ ᠤᠨ ᠡᠷᠳᠡ ᠢᠯᠡᠷᠡᠭᠦᠯᠦᠭᠰᠡᠨ ︽ᠢᠯᠵᠢᠷᠡᠬᠦ ᠶᠢ ᠰᠡᠷᠭᠡᠶᠢᠯᠡᠬᠦ ᠡᠳ᠋︾ ᠪᠤᠯᠤᠨ᠎ᠠ᠃ ᠶᠠᠮᠠᠷᠴᠤ ᠠᠮᠠᠷᠬᠠᠨ ᠢᠯᠵᠢᠷᠡᠵᠦ ᠮᠠᠭᠤᠳᠠᠳᠠᠭ ᠢᠳᠡᠭᠡᠨ ᠳᠤ ᠴᠤ ᠭᠡᠰᠡᠨ ᠶᠡᠭᠡ ᠬᠡᠮᠵᠢᠶᠡᠨ ᠤ ᠳᠠᠪᠤᠰᠤ ᠬᠢᠬᠦ ᠳᠡᠭᠡᠷ᠎ᠡ ᠯᠡ ᠳᠤᠯᠪᠠᠯ᠂ ᠳᠠᠪᠤᠰᠤᠯᠠᠭᠰᠠᠨ ᠮᠢᠬ᠎ᠠ᠂ ᠳᠠᠪᠤᠰᠤᠯᠠᠭᠰᠠᠨ ᠵᠢᠭᠠᠰᠤ᠂ ᠳᠠᠪᠤᠰᠤᠯᠠᠭᠰᠠᠨ ᠨᠤᠭᠤᠭ᠎ᠠ ᠁ ᠪᠤᠯᠤᠭᠠᠳ ᠡᠩ ᠤᠨ ᠭᠡᠷ ᠤᠨ ᠳᠤᠯᠠᠭᠠᠨ ᠳᠤ ᠪᠦᠷ ᠤᠷᠳᠤ ᠬᠤᠭᠤᠴᠠᠭ᠎ᠠ ᠪᠠᠷ ᠬᠠᠳᠠᠭᠠᠯᠠᠵᠤ ᠪᠤᠯᠤᠨ᠎ᠠ᠃ ᠶᠠᠭᠤᠨ ᠳᠤ ᠴᠤ ᠬᠠᠯᠳᠠᠵᠤ ᠳᠡᠶᠢᠯᠳᠡᠭ ᠪᠢᠴᠢᠯ ᠠᠮᠢᠳᠤ ᠪᠤᠳᠠᠰ ᠴᠤ ᠶᠠᠭᠠᠬᠢᠵᠦ ᠴᠤ ᠴᠢᠳᠠᠳᠠᠭ ᠦᠭᠡᠢ᠃    ᠭᠡᠪᠡᠴᠦ᠂ ᠳᠠᠪᠤᠰᠤᠨ ᠤ ᠡᠨᠡᠬᠦ ᠦᠢᠯᠡᠳᠦᠯ ᠢ ᠢᠳᠡᠭᠡᠨ ᠢ ᠬᠠᠳᠠᠭᠠᠯᠠᠬᠤ ᠳᠤ ᠯᠡ ᠭᠡᠷᠡᠭᠯᠡᠵᠦ ᠪᠤᠯᠤᠨ᠎ᠠ᠃ ᠬᠡᠷᠪᠡ ᠳᠠᠪᠤᠰᠤ ᠢᠳᠡᠬᠦ ᠨᠢ ᠭᠡᠳᠦᠷᠡᠪᠡᠯ ᠬᠦᠮᠦᠨ ᠤ ᠠᠷᠠᠰᠤ ᠦᠩᠭᠡ ᠪᠠᠨ ᠠᠯᠳᠠᠵᠤ᠂ ᠤᠰᠤᠨ ᠬᠠᠪᠤᠩ ᠪᠤᠯᠬᠤ ᠵᠡᠷᠭᠡ ᠤᠯᠠᠨ ᠪᠠᠶᠢᠳᠠᠯ ᠢᠯᠡᠷᠡᠨ᠎ᠠ᠃    ᠤᠰᠤᠨ ᠬᠠᠪᠤᠩ᠃ ᠬᠦᠮᠦᠨ ᠳᠠᠪᠤᠰᠤ ᠶᠡᠬᠡᠳᠡᠢ ᠬᠤᠭᠤᠯᠠ ᠢᠳᠡᠭᠰᠡᠭᠡᠷ ᠠᠮᠠᠷᠬᠠᠨ ᠴᠠᠩᠭᠠᠳᠠᠭ᠂ ᠴᠠᠩᠭᠠᠭᠰᠠᠭᠠᠷ ᠤᠰᠤ ᠤᠤᠭᠤᠨ᠎ᠠ᠂ ᠡᠨᠡ ᠤᠰᠤ ᠨᠢ ᠳᠤᠩ ᠠᠮᠠᠷᠬᠠᠨ ᠢᠶᠠᠷ ᠴᠢᠰᠦᠨ ᠳᠤ ᠰᠢᠮᠡᠳᠦᠨ ᠤᠷᠤᠨ᠎ᠠ᠂ ᠴᠢᠰᠦᠨ ᠳᠠᠬᠢ ᠳᠠᠪᠤᠰᠤ ᠨᠢ ᠤᠰᠤ ᠶᠢ ᠳᠠᠳᠠᠵᠤ ᠠᠪᠤᠨ᠎ᠠ᠂ ᠴᠢᠰᠦᠨ ᠤ ᠤᠰᠤ ᠠᠷᠪᠢᠳᠤᠭᠰᠠᠭᠠᠷ ᠴᠢᠰᠦᠨ ᠰᠤᠳᠠᠯ ᠳᠡᠯᠡᠨ᠎ᠠ᠂ ᠴᠢᠰᠦᠨ ᠳᠠᠷᠤᠯᠳᠠ ᠦᠨᠳᠦᠷ ᠪᠤᠯᠤᠨ᠎ᠠ᠃ ᠢᠢᠮᠦ ᠪᠠᠶᠢᠳᠠᠯ ᠳᠤ᠂ ᠬᠦᠮᠦᠨ ᠤ ᠪᠡᠶ᠎ᠡ ᠶᠢ ᠬᠠᠷᠠᠬᠤ ᠳᠤ ᠴᠤ ᠬᠠᠪᠤᠩᠨᠠᠭᠰᠠᠨ ᠪᠠᠶᠢᠳᠠᠯ ᠲᠠᠢ ᠪᠤᠯᠤᠨ᠎ᠠ᠂ ᠤᠴᠢᠷ ᠢ ᠳᠠᠪᠤᠰᠤ ᠤᠰᠤ ᠬᠤᠶᠠᠷ ᠪᠡᠶ᠎ᠡ ᠳᠤ ᠬᠤᠷᠠᠮᠳᠤᠭᠰᠠᠨ ᠠᠴᠠ ᠪᠤᠯᠵᠤ ᠪᠡᠶ᠎ᠡ ᠶᠢᠨ ᠬᠦᠨᠳᠦ ᠴᠤ ᠳᠦᠷ ᠵᠠᠭᠤᠷ᠎ᠡ ᠨᠡᠮᠡᠭᠳᠡᠭᠡᠳ ᠠᠪᠤᠨ᠎ᠠ᠃    ᠡᠮᠡᠭᠳᠡᠶᠢᠴᠤᠳ ᠤᠨ ᠰᠠᠷ᠎ᠠ ᠶᠢᠨ ᠭᠭᠢᠷ ᠢᠷᠡᠬᠦ ᠦᠶ᠎ᠠ ᠳᠤ ᠬᠠᠪᠤᠩᠨᠠᠬᠤ ᠪᠠᠶᠢᠳᠠᠯ ᠢᠯᠡᠷᠡᠪᠡᠯ᠂ ᠳᠠᠪᠤᠰᠤ ᠪᠠ ᠳᠠᠪᠤᠰᠤ ᠶᠡᠬᠡᠳᠡᠢ ᠢᠳᠡᠭᠡᠨ ᠢ ᠳᠤᠳᠠᠭᠤ ᠢᠳᠡᠪᠡᠯ ᠵᠤᠬᠢᠨ᠎ᠠ᠃
    ᠠᠷᠠᠰᠤ ᠦᠩᠭᠡ ᠪᠠᠨ ᠠᠯᠳᠠᠨ᠎ᠠ᠃ ᠬᠦᠮᠦᠰ ᠬᠠᠭᠰᠠᠭᠠᠵᠤ ᠬᠠᠳᠠᠭᠠᠭᠰᠠᠨ ᠰᠤᠯᠠ ᠢᠳᠡᠭᠡᠨ ᠢᠳᠡᠬᠦ ᠳᠤᠷᠠᠳᠠᠢ ᠪᠠᠶᠢᠳᠠᠭ᠂ ᠳᠡᠷᠡ ᠨᠢ ᠬᠠᠭᠤᠷᠠᠢ ᠮᠦᠷᠳᠡᠭᠡᠨ ᠳᠠᠪᠤᠰᠤ ᠡᠯᠪᠡᠭ ᠠᠭᠤᠯᠤᠭᠰᠠᠨ ᠪᠠᠶᠢᠵᠤ᠂ ᠪᠡᠶ᠎ᠡ ᠳᠠᠬᠢ ᠤᠰᠤ ᠶᠢ ᠳᠠᠳᠠᠵᠤ ᠠᠪᠳᠠᠭ᠃ ᠡᠳᠡᠭᠡᠷ ᠰᠤᠯᠠ ᠢᠳᠡᠭᠡᠨ ᠤ ᠰᠢᠮ᠎ᠠ ᠳᠡᠵᠢᠭᠡᠯ ᠤᠨ ᠳᠤᠬᠠᠢ ᠳᠤᠷᠠᠳᠬᠤ ᠦᠭᠡᠢ ᠵᠦᠪᠭᠡᠨ ᠬᠦᠮᠦᠨ ᠤ ᠪᠡᠶ᠎ᠡ ᠳᠤ ᠤᠰᠤ ᠨᠦᠬᠦᠪᠦᠷᠢᠯᠡᠬᠦ ᠡᠭᠦᠳᠡᠨ ᠠᠴᠠ ᠠᠪᠴᠤ ᠦᠵᠡᠭᠰᠡᠨ ᠴᠤ ᠳᠡᠷᠡ ᠨᠢ ᠠᠷᠠᠰᠤᠨ ᠤ ᠡᠷᠡᠭᠦᠯ ᠮᠡᠨᠳᠦ ᠳᠤ ᠠᠰᠢᠬ ᠦᠭᠡᠢ ᠪᠠᠶᠢᠳᠠᠭ᠃    ᠳᠠᠪᠤᠰᠤ ᠶᠡᠭᠡ ᠢᠳᠡᠭᠡᠨ ᠢᠳᠡᠭᠰᠡᠨ ᠦᠶ᠎ᠠ ᠳᠤ᠂ ᠤᠰᠤᠨ ᠤ ᠤᠰᠤ ᠳᠤᠳᠠᠭᠰᠠᠨ ᠭᠠᠵᠠᠷ ᠤᠷᠤᠭᠤ ᠨᠡᠪᠴᠢᠳᠡᠭ ᠦᠢᠯᠡᠳᠦᠯ ᠠᠴᠠ ᠪᠤᠯᠵᠤ᠂ ᠪᠡᠶ᠎ᠡ ᠶᠢᠨ ᠨᠡᠭᠡᠳᠡᠰᠦ ᠶᠢᠨ ᠤᠰᠤ ᠨᠢ ᠢᠳᠡᠵᠦ ᠤᠷᠤᠭᠤᠯᠤᠭᠰᠠᠨ ᠬᠠᠭᠤᠷᠠᠢ ᠵᠦᠢᠯ ᠪᠠ ᠤᠰᠤ ᠳᠠᠳᠠᠬᠤ ᠦᠢᠯᠡᠳᠦᠯ ᠲᠠᠢ ᠳᠠᠪᠤᠰᠤ ᠤᠷᠤᠭᠤ ᠨᠡᠪᠴᠢᠵᠤ᠂ ᠡᠷᠭᠡᠳᠡᠨ ᠨᠡᠭᠡᠳᠡᠰᠦ ᠶᠢᠨ ᠤᠰᠤ ᠪᠠᠭᠠᠰᠬᠤ ᠪᠠᠶᠢᠳᠠᠯ ᠭᠠᠷᠴᠤ ᠠᠷᠠᠰᠤᠨ ᠤ ᠤᠰᠤ ᠶᠢ ᠪᠠᠳᠤᠯᠠᠵᠤ ᠳᠡᠶᠢᠯᠬᠦ ᠦᠭᠡᠢ ᠪᠤᠯᠤᠨ᠎ᠠ᠃        ᠰᠢᠩᠭᠡᠭᠡᠯᠳᠡ ᠶᠢᠨ ᠵᠠᠮ ᠤᠨ ᠰᠠᠯᠢᠰᠦᠳᠦ ᠪᠦᠷᠭᠦᠭᠦᠯ ᠢ ᠭᠡᠮᠳᠦᠭᠡᠨ᠎ᠠ    ᠳᠠᠪᠤᠰᠤ ᠢᠳᠡᠪᠡᠯ ᠰᠢᠩᠭᠡᠭᠡᠯᠳᠡ ᠶᠢᠨ ᠵᠠᠮ ᠤᠨ ᠰᠠᠯᠢᠰᠦᠳᠤ ᠪᠦᠷᠭᠦᠭᠦᠯ ᠤᠨ ᠡᠰ ᠲᠤ ᠤᠰᠤ ᠳᠤᠳᠠᠭᠳᠠᠭᠰᠠᠨ ᠠᠴᠠ ᠪᠤᠯᠵᠤ ᠭᠡᠮᠳᠦᠳᠡᠭ᠃ ᠭᠡᠳᠡᠰᠦ ᠨᠢ ᠳᠠᠪᠤᠰᠤᠨ ᠳᠠᠬᠢ ᠨᠠᠳ᠋ᠷᠢ ᠶᠢ ᠪᠠᠷᠤᠭ ᠵᠠᠭᠤᠨ ᠤ ᠵᠠᠭᠤ ᠪᠠᠷ ᠰᠢᠩᠭᠡᠭᠡᠨ ᠠᠪᠳᠠᠭ᠂ ᠳᠡᠭᠡᠭᠡᠳ ᠳᠠᠪᠤᠰᠤ ᠴᠢᠰᠦᠨ ᠳᠤ ᠤᠷᠤᠬᠤ ᠦᠶ᠎ᠠ ᠳᠤ ᠴᠢᠰᠦᠨ ᠤ ᠤᠰᠤ ᠳᠠᠳᠠᠬᠤ ᠴᠢᠨᠠᠷ ᠨᠢ ᠳᠡᠭᠡᠭᠰᠢᠯᠡᠵᠦ᠂ ᠪᠦᠬᠦ ᠪᠡᠶ᠎ᠡ ᠶᠢᠨ ᠨᠡᠭᠡᠳᠡᠰᠦᠨ ᠳᠠᠬᠢ ᠤᠰᠤ ᠪᠦᠷ ᠴᠢᠰᠦ ᠤᠷᠤᠭᠤ ᠳᠠᠳᠠᠭᠳᠠᠨ᠎ᠠ᠃ ᠡᠨᠡ ᠨᠢ ᠪᠦᠭᠡᠷ᠎ᠡ ᠶᠢᠨ ᠴᠢᠰᠦ ᠶᠢ ᠴᠡᠪᠡᠷᠰᠢᠭᠦᠯᠬᠦ ᠳᠠᠷᠤᠭᠠᠰᠤ ᠶᠢ ᠬᠦᠨᠳᠦᠷᠡᠭᠦᠯᠦᠨ᠎ᠠ᠃        ᠳᠠᠯ᠎ᠠ ᠳᠤᠯᠤᠭᠠᠢ ᠡᠪᠡᠳᠦᠨ᠎ᠠ    ᠶᠡᠭᠡ ᠬᠡᠮᠵᠢᠶ᠎ᠠ ᠪᠠᠷ ᠳᠠᠪᠤᠰᠤ ᠢᠳᠡᠬᠦ ᠪᠤᠯ ᠳᠤᠯᠤᠭᠠᠢ ᠡᠪᠡᠳᠬᠦ ᠡᠪᠡᠳᠴᠢᠨ ᠡᠭᠦᠰᠭᠡᠳᠡᠭ ᠴᠢᠬᠤᠯᠠ ᠨᠢᠭᠡ ᠡᠯᠧᠮᠧᠨ᠋ᠲ ᠪᠤᠯᠤᠨ᠎ᠠ ᠭᠡᠵᠦ ᠭᠠᠳᠠᠭᠠᠳᠤ ᠶᠢᠨ ᠬᠢᠨ ᠰᠤᠳᠤᠯᠭᠠᠨ ᠢᠶᠠᠷ ᠭᠡᠷᠡᠴᠢᠯᠡᠭᠰᠡᠨ ᠪᠠᠶᠢᠨ᠎ᠠ᠃ ᠳᠠᠯ᠎ᠠ ᠳᠤᠯᠤᠭᠠᠢ ᠡᠪᠡᠳᠳᠡᠭ ᠬᠦᠮᠦᠰ᠂ ᠳᠠᠪᠤᠰᠤ ᠪᠠᠭ᠎ᠠ ᠢᠳᠡᠬᠦ ᠳᠡᠭᠡᠷ᠎ᠡ ᠬᠦᠷᠪᠡᠯ᠂ ᠳᠤᠯᠤᠭᠠᠢ ᠶᠢᠨ ᠡᠪᠡᠳᠴᠢᠨ ᠨᠢ ᠨᠠᠮᠳᠠᠳᠠᠭ ᠪᠠᠶᠢᠨ᠎ᠠ᠃        ᠶᠠᠰᠤ ᠬᠡᠪᠡᠷᠡᠭᠰᠢᠨ᠎ᠠ    ᠳᠠᠪᠤᠰᠤ ᠨᠢ ᠰᠢᠭᠡᠰᠦᠨ ᠳᠠᠬᠢ ᠺᠠᠯᠼ ᠤᠨ ᠭᠠᠳᠠᠭᠰᠢᠯᠠᠭᠤᠯᠤᠯᠳᠠ ᠶᠢ ᠨᠡᠮᠡᠭᠳᠡᠭᠦᠯᠳᠡᠭ᠃ ᠢᠳᠡᠭᠡᠨ ᠤᠮᠳᠠᠭᠠᠨ ᠠᠴᠠ ᠺᠠᠯᠼ ᠰᠢᠩᠭᠡᠭᠡᠨ ᠠᠪᠬᠤ ᠨᠢ ᠳᠤᠳᠠᠭᠤ᠂ ᠶᠠᠰᠤ ᠭᠡᠪᠡᠷᠡᠭᠰᠢᠬᠦ ᠠᠶᠤᠯ ᠶᠡᠬᠡᠳᠡᠢ ᠨᠠᠰᠤᠳᠠᠶᠢᠴᠤᠳ ᠲᠤ ᠠᠪᠴᠤ ᠬᠡᠯᠡᠪᠡᠯ ᠳᠠᠪᠤᠰᠤ ᠶᠡᠭᠡ ᠢᠳᠡᠬᠦ ᠨᠢ ᠳᠡᠶᠢᠮᠦ ᠰᠠᠶᠢᠨ ᠶᠠᠪᠤᠳᠠᠯ ᠪᠢᠰᠢ᠃        ᠬᠤᠭᠤᠯᠠᠢ ᠪᠠᠭᠠᠯᠵᠤᠤᠷ ᠢ ᠭᠡᠮᠳᠦᠭᠡᠨ᠎ᠠ    ᠳᠠᠪᠤᠰᠤ ᠶᠡᠬᠡᠳᠡᠢ ᠢᠳᠡᠭᠡᠨ ᠢᠳᠡᠪᠡᠯ ᠬᠤᠭᠤᠯᠠᠢ ᠪᠠᠭᠠᠯᠵᠤᠤᠷ ᠠᠮᠠᠷᠬᠠᠨ ᠡᠪ ᠦᠭᠡᠢ ᠪᠤᠯᠳᠠᠭ᠂ ᠨᠡᠭᠡᠳᠡᠰᠦᠨ ᠤ ᠤᠰᠤ ᠠᠯᠳᠠᠭᠳᠠᠬᠤ ᠦᠶ᠎ᠡ ᠳᠤ ᠠᠮᠠᠷᠬᠠᠨ ᠦᠷᠪᠢᠰᠦᠯ ᠡᠭᠦᠰᠳᠡᠭ ᠪᠠ ᠰᠠᠯᠢᠰᠦᠳᠦ ᠪᠦᠷᠭᠦᠭᠦᠯ ᠤᠨ ᠸᠢᠷᠦ᠋ᠰ ᠪᠠᠺᠲ᠋ᠧᠷᠢ ᠶᠢ ᠡᠰᠡᠷᠭᠦᠴᠡᠬᠦ ᠴᠢᠳᠠᠪᠤᠷᠢ ᠨᠢ ᠮᠠᠭᠤᠳᠠᠳᠠᠭ᠃ ᠬᠤᠭᠤᠯᠠᠢ ᠪᠠᠭᠠᠯᠵᠤᠤᠷ ᠤᠨ ᠦᠷᠪᠢᠰᠦᠯ ᠳᠤ ᠨᠡᠷᠪᠡᠭᠳᠡᠭᠰᠡᠨ ᠬᠦᠮᠦᠨ ᠱᠤᠷᠪᠤᠭ ᠢᠳᠡᠭᠡᠨ ᠢᠳᠡᠬᠦ ᠦᠭᠡᠢ ᠪᠤᠯ ᠰᠠᠶᠢᠨ᠃            ᠳᠠᠪᠤᠰᠤ ᠬᠠᠰᠤᠬᠤ ᠠᠷᠭ᠎ᠠ    ᠤᠳᠤᠬᠠᠨ ᠳᠤ᠂ ᠮᠠᠨ ᠤ ᠤᠯᠤᠰ ᠤᠨ ᠰᠠᠭᠤᠭᠠᠯᠢ ᠠᠷᠠᠳ ᠤᠨ ᠬᠦᠮᠦᠨ ᠳᠤᠮᠳᠠᠴᠢ ᠶᠢᠨ ᠳᠠᠪᠤᠰᠤ ᠢᠳᠡᠵᠦ ᠪᠠᠶᠢᠭ᠎ᠠ ᠬᠡᠮᠵᠢᠶ᠎ᠠ ᠨᠢ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠰᠠᠨᠠᠭᠠᠴᠢᠯᠠᠵᠤ ᠪᠠᠶᠢᠭ᠎ᠠ ᠬᠡᠮᠵᠢᠶᠡᠨ ︵ᠡᠳᠦᠷ ᠲᠤ 5 ᠭᠷᠡᠮ︶᠎ ᠤ 2 ᠳᠠᠬᠢᠨ ᠪᠠᠶᠢᠨ᠎ᠠ᠃ ᠳᠠᠪᠤᠰᠤ ᠶᠡᠭᠡ ᠢᠳᠡᠭᠰᠡᠨ ᠠᠴᠠ ᠪᠤᠯᠤᠭᠰᠠᠨ ᠬᠤᠬᠢᠷᠠᠯ ᠢ ᠬᠠᠮᠤᠭ ᠤᠨ ᠳᠤᠤᠷ ᠎ᠠ ᠬᠡᠮᠵᠢᠶᠡᠨ ᠳᠤ ᠬᠢᠵᠠᠭᠠᠷᠯᠠᠶ᠎ᠠ ᠭᠡᠪᠡᠯ᠂ ᠬᠤᠭᠤᠯᠠᠨ ᠳᠠᠭᠠᠨ ᠳᠠᠪᠤᠰᠤ ᠪᠠᠭ᠎ᠠ ᠬᠢᠬᠦ ᠶᠢ ᠬᠢᠴᠢᠶᠡᠬᠦ ᠠᠴᠠ ᠭᠠᠳᠠᠨ᠎ᠠ ᠳᠤᠤᠷᠠᠬᠢ 5 ᠠᠷᠭ᠎ᠠ ᠶᠢ ᠳᠤᠷᠰᠢᠵᠤ ᠦᠵᠡᠵᠦ ᠪᠤᠯᠤᠨ᠎ᠠ᠄        ᠳᠠᠪᠤᠰᠤ ᠬᠤᠯᠢᠬᠰᠠᠨ ᠭᠤᠤᠯ ᠢᠳᠡᠭᠡᠨ ᠳᠤᠳᠠᠭᠤ ᠢᠳᠡᠨ᠎ᠠ    ᠵᠢᠱᠢᠶᠡᠯᠡᠪᠡᠯ᠂ ᠡᠯ᠎ᠠ ᠵᠦᠢᠯ ᠤᠨ ᠳᠠᠪᠤᠰᠤ ᠬᠤᠯᠢᠬᠰᠠᠨ ᠪᠢᠩᠭᠠᠨ᠂ ᠳᠠᠪᠤᠰᠤ ᠪᠠ ᠬᠤᠵᠢᠷ ᠬᠢᠵᠦ ᠦᠢᠯᠡᠳᠪᠦᠷᠢᠯᠡᠭᠰᠡᠨ ᠭᠤᠸᠠᠮᠢᠨ ᠮᠡᠳᠦ ᠪᠡᠯᠡᠨ ᠭᠤᠯᠢᠷ᠂ ᠳᠠᠪᠤᠰᠤ ᠨᠡᠮᠡᠵᠦ ᠢᠰᠭᠡᠭᠰᠡᠨ ᠳᠠᠯᠬ᠎ᠠ ᠵᠡᠷᠭᠡ ᠶᠢ ᠳᠤᠳᠠᠭᠤ ᠢᠳᠡᠨ᠎ᠠ᠃ ᠭᠤᠸᠠᠮᠢᠨ ᠮᠡᠳᠦ ᠶᠢᠨ ᠳᠦᠷᠭᠡᠨ ᠬᠤᠭᠤᠯᠠ ᠢᠳᠡᠬᠦ ᠴᠢᠬᠤᠯᠠ ᠲᠠᠢ ᠪᠤᠯᠪᠠᠯ ᠱᠦᠯᠦ ᠶᠢ ᠨᠢ ᠤᠤᠭᠤᠬᠤ ᠦᠭᠡᠢ᠂ ᠠᠰᠳᠠᠭᠠᠨ ᠤᠰᠤ ᠴᠠᠢ ᠤᠤᠭᠤᠪᠠᠯ ᠳᠡᠭᠡᠷ᠎ᠡ᠃        ᠡᠳ᠋ᠰᠢᠭᠦᠯᠦᠭᠰᠡᠨ ᠮᠢᠬᠠᠨ ᠢᠳᠡᠭᠡᠨ ᠳᠤᠳᠠᠭᠤ ᠢᠳᠡᠨ᠎ᠠ    ᠳᠠᠪᠤᠰᠤᠯᠠᠭᠰᠠᠨ ᠮᠢᠬ᠎ᠠ᠂ ᠬᠢᠮ᠎ᠠ᠂ ᠫᠧᠢᠢᠭᠧᠡ ᠵᠡᠷᠭᠡ ᠡᠳ᠋ᠰᠢᠭᠦᠯᠦᠭᠰᠡᠨ ᠮᠢᠬᠠᠨ ᠢᠳᠡᠭᠡᠨ ᠳᠤ ᠳᠠᠪᠤᠰᠤ ᠳᠤᠩ ᠡᠯᠪᠡᠭ ᠠᠭᠤᠯᠤᠭᠳᠠᠳᠠᠭ᠃ ᠵᠠᠪᠠᠯ ᠢᠳᠡᠨ᠎ᠠ ᠭᠡᠪᠡᠯ᠂ ᠬᠠᠶᠠ ᠢᠳᠡᠵᠦ᠂ ᠳᠠᠪᠤᠰᠤ ᠨᠡᠮᠡᠭᠰᠡᠨ ᠦᠭᠡᠢ ᠢᠳᠡᠭᠡᠨ ᠲᠠᠢ ᠬᠤᠯᠢᠵᠤ ᠢᠳᠡᠬᠦ ᠶᠢ ᠰᠠᠨᠠᠭᠤᠯᠵᠤ ᠪᠠᠶᠢᠨ᠎ᠠ᠃        ᠰᠡᠷᠢᠭᠦᠨ ᠵᠠᠭᠤᠰᠢ ᠪᠠᠨ ᠰᠢᠷᠡᠭᠡᠨ ᠳᠡᠭᠡᠷ᠎ᠡ ᠭᠠᠷᠭᠠᠬᠤ ᠦᠶ᠎ᠠ ᠳᠡᠭᠡᠨ ᠳᠠᠪᠤᠰᠤ ᠨᠡᠮᠡ    ᠰᠡᠷᠢᠭᠦᠨ ᠵᠠᠭᠤᠰᠢ ᠬᠢᠬᠦ ᠳᠡᠭᠡᠨ ᠼᠣ ᠢᠯᠡᠭᠦᠦ ᠬᠢᠵᠦ᠂ ᠰᠢᠬᠢᠷ ᠪᠠ ᠠᠮᠳᠠ ᠶᠢᠨ ᠤᠬᠢ ᠪᠠᠭ᠎ᠠ ᠬᠢᠨ᠎ᠠ᠃ ᠢᠩᠬᠢᠪᠡᠯ ᠦᠨᠦᠷ ᠠᠮᠳᠠ ᠰᠠᠶᠢᠳᠠᠢ ᠪᠤᠯᠵᠤ ᠳᠠᠪᠤᠰᠤ ᠨᠡᠮᠡᠬᠦ ᠴᠢᠬᠤᠯᠠ ᠦᠭᠡᠢ ᠪᠤᠯᠤᠨ᠎ᠠ᠃ ᠬᠡᠷᠪᠡ ᠳᠠᠪᠤᠰᠤ ᠨᠡᠮᠡᠬᠦ ᠬᠡᠪᠡᠯ ᠰᠢᠷᠡᠭᠡᠨ ᠳᠤ ᠭᠠᠷᠭᠠᠬᠤ ᠳᠠᠭᠠᠨ ᠨᠡᠮᠡᠪᠡᠯ ᠰᠠᠶᠢᠨ᠃ ᠬᠡᠷᠪᠡ ᠢᠳᠡᠰᠢᠨ ᠨᠤᠭᠤᠭ᠎ᠠ ᠪᠠᠨ ᠬᠠᠭᠠᠰ ᠴᠠᠭ ᠤᠨ ᠡᠮᠦᠨ᠎ᠠ ᠳᠠᠪᠤᠰᠤᠯᠠᠵᠤ᠂ ᠤᠰᠤ ᠨᠢ ᠭᠠᠷᠤᠭᠰᠠᠨ ᠤ ᠳᠠᠷᠠᠭ᠎ᠠ ᠤᠰᠤ ᠶᠢ ᠨᠢ ᠰᠢᠪᠬᠠᠴᠢᠬᠠᠭᠠᠳ ᠳᠠᠬᠢᠨ ᠳᠠᠪᠤᠰᠤ ᠳᠤᠰᠤ ᠨᠡᠮᠡᠵᠤ ᠠᠮᠳᠠᠯᠠᠬᠤ ᠳᠤ ᠬᠦᠷᠪᠡᠯ ᠢᠳᠡᠵᠦ ᠤᠷᠤᠭᠤᠯᠬᠤ ᠳᠠᠪᠤᠰᠤᠨ ᠤ ᠬᠡᠮᠵᠢᠶ᠎ᠠ ᠴᠢᠨᠢ ᠤᠯᠠᠮ ᠨᠡᠮᠡᠭᠳᠡᠬᠦ ᠪᠤᠯᠤᠨ᠎ᠠ᠃        ᠬᠤᠭᠤᠯᠠ ᠪᠠᠨ ᠢᠯᠡᠭᠦᠦ ᠵᠠᠵᠢᠯᠵᠤ ᠤᠳᠠᠭᠠᠨ ᠢᠳᠡᠨ᠎ᠠ    ᠬᠤᠭᠤᠯᠠ ᠶᠢ ᠬᠤᠷᠳᠤᠨ ᠢᠳᠡᠬᠦ ᠳᠤ᠂ ᠬᠡᠯᠡ ᠢᠳᠡᠭᠡᠨ ᠲᠠᠢ ᠳᠡᠮᠡᠢ ᠬᠦᠷᠦᠯᠴᠡᠵᠦ ᠳᠡᠶᠢᠯᠬᠦ ᠦᠭᠡᠢ᠂ ᠵᠦᠪᠬᠡᠨ ᠰᠡᠳᠡᠯᠳᠡ ᠲᠠᠢ ᠠᠮᠳᠠ ᠶᠢ ᠯᠡ ᠮᠡᠳᠡᠷᠡᠵᠦ᠂ ᠢᠳᠡᠭᠡᠨ ᠤ ᠳᠤᠰ ᠪᠡᠶ᠎ᠡ ᠶᠢᠨ ᠦᠨᠦᠷ ᠠᠮᠳᠠ ᠶᠢ ᠨᠢ ᠮᠡᠳᠡᠵᠦ ᠳᠡᠶᠢᠯᠬᠦ ᠦᠭᠡᠢ᠂ ᠮᠡᠳᠡᠬᠦ ᠲᠠᠢ ᠦᠭᠡᠢ ᠲᠠᠢ ᠨᠡᠩ ᠶᠡᠭᠡ ᠢᠳᠡᠨ᠎ᠠ᠂ ᠮᠦᠨ ᠴᠤ ᠨᠡᠩ ᠢᠯᠡᠭᠦᠦ ᠳᠠᠪᠤᠰᠤ ᠢᠳᠡᠵᠦ ᠤᠷᠤᠭᠤᠯᠤᠨ᠎ᠠ᠃        ᠡᠳᠦᠷ ᠦᠨᠵᠢᠭᠡᠳ ᠨᠢᠭᠡ ᠡᠷᠡᠨ ᠳᠠᠪᠤᠰᠤ ᠦᠭᠡᠢ ᠬᠤᠭᠤᠯᠠ ᠢᠳᠡᠨ᠎ᠠ    ᠵᠢᠱᠢᠶᠡᠯᠡᠪᠡᠯ ᠡᠷᠳᠡ ᠶᠢᠨ ᠬᠤᠭᠤᠯᠠᠨ ᠳᠠᠭᠠᠨ ᠶᠤᠮ ᠤᠤ᠂ ᠤᠷᠤᠢ ᠶᠢᠨ ᠬᠤᠭᠤᠯᠠᠨ ᠳᠠᠭᠠᠨ ᠶᠠᠬ ᠳᠠᠪᠤᠰᠤ ᠦᠭᠡᠢ ᠬᠤᠭᠤᠯᠠ ᠨᠢᠭᠡ ᠡᠷᠡᠨ ᠢᠳᠡᠨ᠎ᠠ᠃ ᠡᠷᠳᠡ ᠶᠢᠨ ᠬᠤᠭᠤᠯᠠ ᠪᠤᠯ ᠨᠠᠷᠢᠮᠤ ᠶᠢᠨ ᠵᠦᠢᠯ ᠢᠶᠠᠷ ᠭᠤᠤᠯ ᠪᠤᠯᠭᠠᠵᠤ᠂ ᠪᠤᠷᠴᠠᠭ ᠤᠨ ᠵᠤᠳᠠᠩ ᠪᠤᠶᠤ ᠦᠨᠢᠶᠡᠨ ᠰᠦ᠂ ᠡᠭᠡᠳᠡᠭᠰᠡᠨ ᠰᠦ ᠤᠤᠭᠤᠵᠤ᠂ ᠬᠠᠳᠠᠭᠠᠭᠰᠠᠨ ᠦᠵᠦᠮ ᠮᠡᠳᠦ ᠶᠢᠨ ᠬᠠᠳᠠᠭᠠᠭᠰᠠᠨ ᠵᠢᠮᠢᠰ ᠢᠶᠠᠷ ᠠᠮᠳᠠᠯᠠᠵᠤ᠂ ᠪᠠᠰᠠ ᠵᠢᠭᠠᠬᠠᠨ ᠰᠢᠨ᠎ᠠ ᠰᠤᠷᠭᠤᠭ ᠵᠢᠮᠢᠰ ᠨᠦᠬᠦᠪᠡᠯ ᠪᠤᠯᠴᠢᠬᠠᠨ᠎ᠠ᠃                              ︵ᠡᠬᠡ ᠪᠢᠴᠢᠭ ᠵᠢᠷᠤᠭ ᠢ ᠠᠷᠠᠳ ᠤᠨ ᠰᠦᠯᠵᠢᠶ᠎ᠠ ᠠᠴᠠ ᠠᠪᠤᠪᠠ︶
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号