ᠮᠦᠩᠬᠡ ᠰᠦᠮᠪᠦᠷᠯᠡᠬᠦ ᠨᠤᠶᠠᠨ ᠰᠠᠷᠢᠳᠠᠭ
2018-09-20 16:19:51
ᠵᠣᠬᠢᠶᠠᠭᠴᠢ᠄ 
ᠰᠢᠦ ᠬᠤᠸᠠ
ᠣᠩᠰᠢᠭᠰᠠᠨ ᠣᠳᠠᠭ᠎ᠠ᠄ 
★★★☆☆
          — ᠪ᠊ · ᠪᠦᠷᠢᠨᠪᠠᠬᠢ ᠪᠠᠭᠰᠢ ᠶᠢᠨ ᠮᠠᠨᠳᠤᠯᠡᠭᠰᠨᠨ 90 ᠵᠢᠯ ᠤᠨ ᠤᠢ ᠶᠢ ᠲᠤᠷᠠᠰᠬᠠᠬᠤ ᠲᠠᠰᠢᠷᠠᠮ ᠳᠤ      ᠨᠠᠶᠢᠷᠠᠭᠤᠯᠤᠬᠴᠢ ᠶᠢᠨ ᠦᠬᠡ᠄ 9 ᠰᠠᠷ᠎ᠠ ᠶᠢᠨ 9᠎ ᠤ ᠡᠳᠦᠷ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠭᠤᠤᠯᠯᠠᠨ ᠡᠷᠬᠢᠯᠡᠵᠤ᠂ ᠦᠪᠤᠷ ᠮᠤᠩᠭᠤᠯ ᠤᠨ ᠵᠤᠬᠢᠶᠠᠯᠴᠢᠳ ᠤᠨ ᠡᠪᠯᠡᠯ ᠠᠴᠠ ᠲᠠᠭᠠᠭᠠᠴᠢᠯᠠᠨ ᠡᠷᠬᠢᠯᠡᠭᠰᠡᠨ ᠪ᠊ · ᠪᠦᠷᠢᠨᠪᠠᠬᠢ ᠶᠢᠨ ᠮᠠᠨᠳᠤᠯᠡᠭᠰᠡᠨ 90 ᠵᠢᠯ ᠤᠨ ᠤᠢ ᠶᠢ ᠲᠤᠷᠠᠰᠬᠠᠬᠤ ᠶᠠᠷᠢᠯᠴᠠᠬᠤ ᠬᠤᠷᠠᠯ ᠬᠦᠬᠡᠬᠤᠳᠠ ᠳᠤ ᠶᠠᠪᠤᠬᠳᠠᠪᠠ᠃ ᠶᠠᠷᠢᠯᠴᠠᠬᠤ ᠬᠤᠷᠠᠯ ᠨᠢ ᠨᠢᠬᠡᠨ ᠦᠶ᠎ᠠ ᠶᠢᠨ ᠤᠷᠠᠨ ᠵᠤᠬᠢᠶᠠᠯ ᠤᠨ ᠠᠪᠤᠷᠭᠤ ᠪ᠊ · ᠪᠦᠷᠢᠨᠪᠠᠬᠢ ᠶᠢᠨ ᠬᠠᠳᠠᠭᠤ ᠪᠡᠷᠬᠡᠰᠢᠶᠡᠯᠳᠤ ᠠᠮᠢᠳᠦᠷᠠᠯ ᠲᠡᠮᠡᠴᠡᠯ ᠤᠨ ᠨᠢᠬᠡ ᠨᠠᠰᠤ ᠶᠢ ᠡᠷᠬᠢᠴᠡᠬᠦᠯᠦᠨ ᠲᠤᠷᠠᠳᠬᠠᠵᠤ᠂ ᠤᠷᠠᠨ ᠵᠤᠬᠢᠶᠠᠯ ᠤᠨ ᠬᠢᠨᠢ ᠵᠤᠷᠢᠭ ᠰᠠᠨᠠᠭ᠎ᠠ ᠶᠢ ᠪᠠᠳᠠᠷᠠᠭᠤᠯᠤᠨ ᠬᠦᠭᠵᠢᠬᠦᠯᠵᠤ᠂ ᠡᠷᠬᠢᠮ ᠲᠡᠬᠡᠳᠤ ᠬᠦᠮᠦᠨ ᠮᠦᠰᠦᠨ ᠤ ᠬᠡᠪ ᠲᠠᠭᠤᠷᠢᠶᠠᠯ ᠢ ᠨᠢ ᠪᠡᠶᠡᠴᠢᠯᠠᠨ ᠮᠡᠳᠡᠷᠡᠵᠤ᠂ ᠦᠵᠡᠯ ᠰᠠᠨᠠᠭᠠᠨ ᠤ ᠬᠡᠷᠡᠯ ᠬᠢᠯᠪᠠᠭ᠎ᠠ ᠶᠢ ᠨᠢ ᠤᠯᠠᠮᠵᠢᠯᠠᠨ ᠲᠠᠭᠤᠷᠢᠰᠬᠠᠵᠤ᠂ ᠤᠷᠠᠨ ᠵᠤᠬᠢᠶᠠᠯ ᠤᠨ ᠠᠮᠵᠢᠯᠳᠠ ᠲᠤᠷᠰᠢᠯᠭ᠎ᠠ ᠶᠢ ᠨᠢ ᠬᠤᠷᠢᠶᠠᠩᠭᠤᠢᠢᠯᠠᠨ ᠳ᠋ᠦᠩᠨᠡᠵᠤ᠂ ᠦᠪᠦᠷ ᠮᠤᠩᠭᠤᠯ ᠤᠨ ᠤᠷᠠᠨ ᠵᠤᠬᠢᠶᠠᠯ ᠤᠨ ᠴᠡᠴᠡᠭᠯᠡᠯ ᠬᠦᠭᠵᠢᠯ ᠳᠤ ᠡᠷᠬᠢᠮ ᠨᠠᠨᠳᠢᠨ ᠲᠤᠷᠰᠢᠯᠭ᠎ᠠ ᠪᠠ ᠰᠡᠩᠬᠡᠷᠡᠬᠦᠯᠦᠯ ᠤᠯᠭᠤᠬᠤ ᠪᠠᠷ ᠵᠤᠷᠢᠯᠳᠠ ᠪᠤᠯᠭᠠᠵᠠᠢ᠃       ᠬᠤᠷᠠᠯ ᠳᠤ ᠦᠪᠤᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠬᠠᠮᠢᠶ᠎ᠠ ᠪᠦᠬᠦᠢ ᠤᠳᠤᠷᠢᠳᠤᠯᠭ᠎ᠠ᠂ ᠠᠬᠠᠮᠠᠳ ᠢᠳᠡᠷ ᠵᠠᠯᠠᠭᠤ ᠵᠤᠬᠢᠶᠠᠯᠴᠢᠳ ᠰᠢᠯᠦᠭᠴᠢᠳ ᠵᠢᠴᠢ ᠪ᠊ · ᠪᠦᠷᠢᠨᠪᠠᠬᠢ ᠶᠢᠨ ᠬᠡᠷ ᠪᠦᠯᠢ ᠶᠢᠨ ᠬᠢᠨ᠂ ᠲᠦᠷᠦᠯ ᠰᠡᠳᠤᠨ᠂ ᠨᠠᠶᠢᠵᠠ ᠨᠦᠬᠦᠳ᠂ ᠬᠠᠮᠳᠤ ᠠᠵᠢᠯᠯᠠᠬᠰᠠᠳ᠂ ᠰᠤᠷᠤᠬᠴᠢ᠂ ᠨᠤᠳᠤᠭ ᠤᠰᠤᠨ ᠤ ᠬᠢᠨᠢ ᠲᠦᠯᠦᠬᠡᠯᠡᠭᠴᠢ 100 ᠭᠠᠷᠤᠢ ᠬᠦᠮᠦᠨ ᠤᠷᠤᠯᠴᠠᠪᠠ᠃ ᠲᠤᠰ ᠳ᠋ᠤᠭᠠᠷ ᠲᠠᠭᠠᠨ ᠪᠢᠳᠡ ᠬᠤᠷᠠᠯ ᠳᠤ ᠤᠷᠤᠯᠴᠠᠭᠰᠠᠨ ᠠᠬᠠᠮᠠᠳ ᠵᠤᠬᠢᠶᠠᠯᠴᠢ ᠵᠢᠴᠢ ᠲᠡᠬᠦᠨ ᠲᠠᠢ ᠬᠠᠮᠳᠤ ᠠᠵᠢᠯᠯᠠᠵᠤ ᠪᠠᠶᠢᠭᠰᠠᠨ ᠬᠦᠮᠦᠰ ᠵᠢᠴᠢ ᠰᠤᠷᠤᠬᠴᠢ ᠶᠢᠨ ᠬᠢᠨᠢ ᠶᠠᠷᠢᠶ᠎ᠠ ᠠᠴᠠ ᠲᠤᠪᠴᠢᠯᠠᠨ ᠨᠠᠶᠢᠳᠠᠯᠠᠵᠤ ᠤᠩᠰᠢᠬᠴᠢ ᠤᠯᠠᠨ ᠤ ᠬᠦᠷᠳᠡᠭᠡᠯ ᠪᠤᠯᠭᠠᠨᠠᠮ︕                         ᠮᠦᠬᠡᠷᠦᠦ                              ● ᠤ · ᠠᠬᠲᠠᠢ      ᠪ᠊ · ᠪᠦᠷᠢᠨᠪᠠᠬᠢ ᠪᠠᠭᠰᠢᠳᠠᠨ ᠶᠡᠷᠠᠨ ᠵᠢᠯ ᠤᠨ ᠡᠮᠦᠨ᠎ᠠ ᠡᠨᠡ ᠲᠠᠯᠠᠬᠡᠢ ᠳᠤ ᠢᠷᠡᠵᠤ᠂ ᠶᠢᠰᠦᠨ ᠵᠢᠯ ᠤᠨ ᠡᠮᠦᠨ᠎ᠡ ᠶᠢᠷᠳᠢᠨᠴᠤ ᠠᠴᠠ ᠶᠠᠪᠤᠯ᠎ᠠ᠃ ᠬᠠᠷᠢᠨ ᠠᠮᠢ ᠨᠠᠰᠤᠨ ᠤ ᠪᠠᠨ ᠨᠦᠬᠦᠬᠡ ᠬᠠᠭᠠᠰ ᠪᠠᠶ᠎ᠠ ᠪᠠᠨ ᠡᠨᠡ ᠬᠤᠷᠸ᠎ᠠ ᠳᠤ ᠬᠠᠶᠢᠷᠠᠯᠠᠨ ᠬᠤᠴᠤᠷᠭᠠᠬᠰᠠᠨ ᠨᠢ ᠰᠠᠯᠬᠤ ᠶᠢᠨ ᠵᠤᠪᠠᠯᠠᠩ᠂ ᠰᠠᠨᠠᠬᠤ ᠶᠢᠨ ᠵᠢᠷᠭᠠᠯ᠂ ᠲᠤᠷᠠᠰᠬᠤ ᠶᠢᠨ ᠮᠦᠷᠦᠬᠡᠳᠦᠯ ᠪᠤᠯᠵᠤ ᠬᠦᠨ ᠨᠠᠮᠤᠷ ᠤᠨ ᠲᠡᠭᠷᠢ ᠶᠢᠨ ᠰᠠᠯᠬᠢ ᠰᠢᠭ᠋ ᠬᠤᠷᠭᠤᠯᠳᠤᠨ ᠡᠪᠬᠡᠷᠠᠯᠳᠤᠨ ᠬᠡᠶᠢᠰᠦᠬᠡᠳ ᠪᠠᠶᠢᠳᠠᠭ ᠨᠢ ᠨᠡᠷᠡᠳᠤ ᠶᠢᠨ ᠶᠡᠭᠡ ᠬᠦᠯᠢᠶᠡᠯᠳᠠ ᠪᠠᠶᠢᠬᠰᠠᠨ ᠢ ᠶᠠᠭᠠᠬᠢᠶ᠎ᠠ ᠬᠡᠬᠦ ᠪᠤᠢ ᠁      ᠪ᠊ · ᠪᠦᠷᠢᠨᠪᠠᠬᠢ ᠪᠠᠭᠰᠢᠳᠠᠨ ᠰᠢᠯᠦᠭ ᠢᠶᠠᠷ ᠢᠷᠠᠵᠤ ᠲᠤᠤᠯᠢ ᠪᠠᠷ ᠶᠠᠪᠤᠯ᠎ᠠ᠃ ᠪᠢᠴᠢᠶ᠎ᠠ᠂ ᠤᠩᠰᠢᠶ᠎ᠠ᠂ ᠰᠤᠨᠤᠰᠤᠶ᠎ᠠ᠂ ᠰᠤᠳᠤᠯᠤᠶ᠎ᠠ᠂ ᠰᠤᠷᠪᠤᠯᠵᠢᠯᠡᠶ᠎ᠠ ᠬᠡᠵᠤ ᠱᠠᠪᠢᠯᠠᠵᠤ ᠶᠠᠪᠤᠬᠰᠠᠨ ᠤᠨ ᠵᠢᠯ ᠤᠳ ᠲᠤ ᠬᠡᠴᠢᠨᠡᠨ ᠤᠳᠠᠭ᠎ᠠ ᠬᠦᠰᠡᠵᠤ ᠲᠡᠮᠡᠦᠯᠵᠤ ᠪᠠᠶᠢᠬᠰᠠᠨ ᠢ ᠪᠤᠤ ᠮᠡᠳᠡ᠂ ᠮᠡᠬᠦᠰ ᠪᠢ︕ ᠪ᠊ · ᠪᠦᠷᠢᠨᠪᠠᠬᠢ ᠪᠠᠭᠰᠢᠳᠠᠨ ᠤ ᠮᠤᠩᠭᠤᠯ ᠢᠵᠠᠭᠤᠷ ᠠᠴᠠ ᠤᠷᠭᠤᠬᠰᠠᠨ ᠮᠤᠩᠭᠤᠯ ᠰᠢᠯᠦᠭ ᠲᠤᠭᠤᠷᠪᠢᠯ᠂ ᠮᠤᠩᠭᠤᠯ ᠰᠢᠯᠦᠭ ᠤᠨ ᠭᠤᠸ᠎ᠠ ᠵᠦᠢ᠂ ᠮᠤᠩᠭᠤᠯ ᠲᠤᠤᠯᠢ ᠵᠦᠢ ᠭᠤᠷᠮᠤᠰᠤᠨ ᠤᠨᠤᠯ ᠴᠤᠬᠴᠠᠰ ᠤᠨ ᠬᠦᠨ ᠶᠤᠰᠤ ᠶᠢ ᠨᠢ ᠤᠬᠠᠪᠤᠷᠢᠯᠠᠵᠤ ᠲᠡᠶᠢᠯᠦᠬᠡ ᠦᠬᠡᠢ᠂ ᠦᠵᠡᠯ ᠰᠡᠳᠬᠢᠯᠬᠡᠨ ᠤ ᠬᠢᠨᠢ ᠪᠦᠷᠢᠨ ᠵᠢᠮ᠎ᠠ ᠶᠢ ᠨᠢ ᠨᠡᠪᠳᠡᠷᠡᠵᠤ ᠴᠢᠳᠠᠭ᠎ᠠ ᠦᠬᠡᠢ᠂ ᠪ᠊ · ᠷᠢᠨᠴᠢᠨ᠂ ᠲᠡᠮᠳᠢᠨᠰᠦ᠋ᠷᠦᠩ᠂ ᠪᠠᠶᠠᠷ᠂ ᠪ᠊ · ᠬᠡᠷᠡᠯᠳᠤ ᠵᠡᠷᠬᠡ ᠮᠤᠩᠭᠤᠯ ᠤᠶᠤᠨ ᠢ ᠬᠡᠬᠡᠷᠡᠬᠦᠯᠦᠭᠴᠢ ᠡᠷᠬᠢᠮ ᠪᠠᠭᠰᠢᠳᠠᠨ ᠲᠠᠢ ᠬᠠᠷᠢᠴᠠᠭᠤᠯᠵᠤ ᠠᠭᠤᠰᠬᠠᠬᠤ ᠤᠢ ᠤᠬᠠᠭᠠᠨ ᠨᠠᠳᠠ ᠪᠠᠶᠢᠬᠰᠠᠨ ᠦᠬᠡᠢ᠂ ᠡᠨᠡ ᠬᠦ ᠬᠠᠷᠠᠮᠰᠠᠯ ᠦᠨᠡᠬᠡᠷ ᠪᠡᠶᠡᠯᠡᠭᠳᠡᠬᠦᠶ᠎ᠠ ᠪᠡᠷᠬᠡ ᠁      ᠪ᠊ · ᠪᠦᠷᠢᠨᠪᠠᠬᠢ ᠪᠠᠭᠰᠢ ᠪᠠᠷᠠᠭᠤᠨ ᠪᠠᠭᠠᠷᠢᠨ ᠤ ᠪᠠᠶᠠᠨᠳᠠᠯ᠎ᠠ ᠠᠴᠠ ᠢᠷᠡᠵᠤ᠂ ᠮᠤᠩᠭᠤᠯ ᠰᠤᠶᠤᠭᠠᠯᠢ ᠶᠢᠨ ᠪᠠᠷᠠᠭᠤᠨ ᠲᠡᠭᠷᠢ ᠳᠤ ᠶᠠᠪᠤᠯ᠎ᠠ᠃ ᠪᠠᠭᠰᠢᠳᠠᠨ ᠨᠠᠰᠤᠨ ᠪᠠᠭ᠎ᠠ ᠳᠠᠭᠠᠨ ᠪᠠᠶᠠᠨᠳᠠᠯ᠎ᠠ ᠶᠢᠨ ᠭᠤᠤᠯ ᠳᠤ ᠤᠮᠪᠠᠨ᠂ ᠬᠡᠬᠡᠷ᠎ᠡ ᠶᠢᠨ ᠮᠦᠬᠦ ᠪᠠᠷ ᠦᠯ ᠲᠠᠷᠤᠵᠤ᠂ ᠤᠰᠤ ᠲᠠᠮᠨᠠᠨ᠂ ᠪᠤᠳᠠᠭ᠎ᠠ ᠢᠩᠳᠡᠵᠤ᠂ ᠢᠮᠠᠭ᠎ᠠ ᠰᠠᠭᠠᠨ ᠭᠠᠴᠢᠭ ᠢᠶᠠᠷ ᠤᠬᠠᠭᠠᠷᠠᠵᠤ᠂ ᠡᠵᠢ ᠶᠢᠨ ᠢᠶᠠᠨ ᠬᠠᠶᠢᠷ᠎ᠠ ᠪᠠᠷ ᠵᠢᠷᠭᠠᠵᠤ ᠶᠠᠪᠤᠬᠰᠠᠨ ᠪᠠᠶᠢᠯ᠎ᠠ᠃ ᠶᠡᠭᠡ ᠪᠠᠶᠢᠰᠢᠩ ᠤᠨ ᠦᠯᠡᠮᠵᠢ ᠵᠡᠷᠬᠡ ᠶᠢᠨ ᠰᠤᠷᠭᠠᠭᠤᠯᠢ ᠠᠴᠠ ᠲᠠᠯᠠᠬᠡᠢ ᠲᠠᠨᠢᠵᠤ᠂ ᠰᠤᠷᠤᠬᠴᠢ ᠱᠠᠪᠢ ᠠᠵᠢᠯᠴᠢᠨ ᠴᠡᠷᠢᠭ ᠤᠨ ᠠᠯᠪᠠ ᠪᠠᠷ ᠪᠦᠳᠦᠨ ᠭᠤᠴᠢᠨ ᠵᠢᠯ ᠮᠠᠷᠠᠶᠢᠵᠠᠢ᠃ ᠭᠤᠴᠢᠨ ᠨᠠᠰᠤᠳᠠᠢ ᠳᠠᠭᠠᠨ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠪᠠᠭᠰᠢᠯᠠᠵᠤ᠂ ᠪᠦᠳᠦᠨ ᠲᠠᠪᠢᠨ ᠨᠢᠬᠡᠨ ᠵᠢᠯ ᠵᠢᠳᠬᠦᠵᠤ᠂ ᠨᠠᠰᠤᠨ ᠡᠴᠦᠰ ᠪᠤᠯᠳᠠᠯ᠎ᠠ ᠰᠢᠯᠦᠭ ᠠᠴᠠ ᠰᠠᠯᠤᠭ᠎ᠠ ᠦᠬᠡᠢ᠂ ᠰᠢᠯᠦᠭ ᠲᠠᠢ ᠪᠠᠨ ᠬᠠᠮᠳᠤ ᠪᠤᠷᠬᠠᠨ ᠪᠤᠯᠤᠬᠰᠠᠨ ᠪᠠᠶᠢᠯ᠎ᠠ᠃      ᠪ᠊ · ᠪᠦᠷᠢᠨᠪᠠᠬᠢ ᠪᠠᠭᠰᠢ ᠲᠦᠷᠰᠦᠯᠢᠭ ᠰᠡᠳᠬᠢᠬᠦᠢ ᠪᠠᠷ ᠢᠷᠡᠵᠤ᠂ ᠬᠡᠶᠢᠰᠪᠦᠷᠢ ᠰᠡᠳᠬᠢᠬᠦᠢ ᠪᠠᠷ ᠶᠠᠪᠤᠯ᠎ᠠ᠃ ᠤᠶᠠᠩᠭ᠎ᠠ ᠶᠢᠨ ︽ᠯᠤᠬᠢᠭ᠂ ᠲᠦᠷᠬᠦᠵᠢᠯ᠂ ᠤᠶᠠᠩᠭᠠᠷᠠᠯ︾᠂ ᠤᠶᠤᠨ ᠤ ︽ᠰᠡᠩᠬᠡᠷᠡᠬᠦᠯᠦᠯ᠂ ᠨᠠᠷᠠᠯᠳᠠ᠂ ᠬᠡᠶᠢᠰᠪᠦᠷᠢᠵᠢᠯ︾᠂ ᠬᠡᠯᠡᠨ ᠤ ︽ᠪᠠᠶᠠᠯᠢᠭ᠂ ᠬᠤᠷᠴᠠᠯᠢᠭ᠂ ᠠᠮᠢᠳᠤᠯᠢᠭ︾ ᠬᠡᠬᠦ ᠮᠤᠩᠭᠤᠯ ᠤᠨᠤᠯ ᠦᠬᠦᠯᠡᠬᠦᠢ ᠶᠢᠨ ᠤᠤᠭᠠᠯ ᠦᠨᠳᠦᠰᠦ ᠲᠠᠢ ︽ᠭᠤᠷᠪᠠ ᠭᠤᠷᠪᠠ︾᠎ ᠶᠢᠨ ᠤᠨᠤᠯ ᠤᠨ ᠰᠢᠰᠲ᠋ᠧᠮ ᠨᠢ ᠲᠦᠷᠰᠦᠯᠢᠭ ᠪᠡ ᠬᠡᠶᠢᠰᠪᠦᠷᠢ ᠰᠡᠳᠬᠢᠬᠦᠢ ᠶᠢᠨ ᠤᠶᠠᠯᠳᠤᠯ ᠢᠶᠠᠷ ᠰᠢᠨ᠎ᠠ ᠨᠠᠷᠠᠰ ᠦᠬᠡ ᠰᠢᠨ᠎ᠠ ᠦᠵᠡᠯ ᠳᠤ ᠠᠭᠤᠰᠬᠠᠵᠤ ᠮᠤᠩᠭᠤᠯ ᠤᠶᠤᠨ ᠤ ᠰᠢᠳᠢᠰ ᠪᠢᠯᠢᠭᠡᠰ ᠢᠶᠠᠨ ᠪᠠᠳᠠᠷᠠᠭᠠᠬᠰᠠᠨ ᠶᠤᠮ᠃       ᠪ᠊ · ᠪᠦᠷᠢᠨᠪᠠᠬᠢ ᠪᠠᠭᠰᠢ ᠶᠡᠷᠦᠮᠳᠡᠭ ᠢᠶᠠᠷ ᠢᠷᠡᠵᠤ᠂ ᠪᠤᠳᠠᠭᠠᠯᠢ ᠪᠠᠷ ᠶᠠᠪᠤᠯ᠎ᠠ᠃ ᠲᠠᠯ᠎ᠠ ᠪᠦᠬᠦᠨ ᠢ ᠬᠠᠮᠤᠷᠳᠠᠭ ︽ᠪᠦᠳᠦᠨ ᠰᠢᠨᠵᠢ︾᠎ ᠶᠢ ᠡᠷᠬᠢᠮᠯᠡᠬᠦ ᠠᠴᠠ ᠦᠪᠡᠷᠮᠢᠴᠡ ᠵᠦᠢᠯ ᠢ ᠵᠤᠷᠢᠳᠠᠭ ︽ᠦᠷᠦᠬᠡᠰᠦᠯ ᠰᠢᠨᠵᠢ︾᠎ ᠶᠢ ᠬᠦᠬᠡᠬᠡᠴᠡᠯᠳᠦᠳᠡᠭ ᠵᠠᠷᠴᠢᠮ ᠢ ᠪᠠᠭᠰᠢᠳᠠᠨ ᠰᠢᠯᠦᠭ ᠪᠢᠴᠢᠬᠦ ᠠᠴᠠ ᠰᠢᠯᠦᠭ ᠰᠤᠳᠤᠯᠤᠭᠠᠳ᠂ ᠮᠤᠩᠭᠤᠯ ᠰᠤᠶᠤᠯ ᠤᠷᠠᠯᠢᠭ ᠤᠨ ᠢᠵᠠᠭᠤᠷ ᠰᠤᠷᠪᠤᠯᠵᠢ ᠶᠢᠨ ᠴᠡᠬᠡᠯ ᠠᠴᠠ ᠭᠤᠸ᠎ᠠ ᠵᠦᠢ ᠶᠢᠨ ᠢᠷᠠᠯ ᠤᠷᠤᠰᠬᠠᠯ ᠢ ᠤᠷᠤᠰᠬᠠᠨ ᠢᠪᠡᠯᠦᠬᠦᠯᠵᠡᠢ᠃ ᠦᠬᠡ ᠤᠯᠠᠨ ᠪᠠᠶᠢᠪᠠᠯ ᠢᠯᠡᠬᠦᠴᠡ ᠬᠡᠯᠡᠵᠤ᠂ ᠴᠦᠬᠡᠨ ᠪᠠᠶᠢᠪᠠᠯ ᠲᠤᠳᠠᠭᠤ ᠬᠡᠯᠡᠵᠤ᠂ ᠦᠬᠡ ᠦᠬᠡᠢ ᠪᠦᠬᠡᠰᠦ ᠪᠤᠰᠤᠳ ᠤᠨ ᠬᠢ ᠶᠢ ᠪᠤᠦ ᠲᠡᠪᠳᠠᠰᠤᠭᠠᠢ ᠬᠡᠮᠡᠨ ᠮᠤᠩᠭᠤᠯ ᠬᠡᠯᠡᠨ ᠤ ᠤᠷᠠᠯᠢᠭ ᠤᠨ ᠢᠵᠠᠭᠤᠷ ᠰᠤᠶᠤᠯ ᠤᠨ ᠠᠰᠠᠷ ᠢ ᠴᠤᠬᠴᠠᠯᠬᠠᠰᠠᠨ ᠮᠤᠩᠭᠤᠯ ᠤᠶᠤᠨ ᠤ ᠭᠠᠶᠢᠬᠠᠮᠰᠢᠭ ᠢ ᠪ᠊ · ᠪᠦᠷᠢᠨᠪᠠᠬᠢ ᠪᠠᠭᠰᠢᠳᠠᠨ ᠪᠦᠳᠦᠬᠡᠭᠰᠡᠨ ᠶᠤᠮ᠃ ᠮᠤᠩᠭᠤᠯ ᠰᠢᠯᠦᠭ ᠲᠤᠭᠤᠷᠪᠢᠯ᠂ ᠮᠤᠩᠭᠤᠯ ᠰᠢᠯᠦᠭ ᠵᠦᠢ᠂ ᠮᠤᠩᠭᠤᠯ ᠵᠤᠬᠢᠶᠠᠯ ᠤᠨ ᠭᠤᠸ᠎ᠠ ᠵᠦᠢ᠂ ᠮᠤᠩᠭᠤᠯ ᠪᠠᠭᠠᠳᠤᠷᠯᠢᠭ ᠲᠤᠤᠯᠢᠰ ᠤᠨ ᠭᠤᠸ᠎ᠠ ᠵᠦᠢ ᠶᠢᠨ ᠨᠡᠪᠳᠡᠷᠬᠡᠢ ᠴᠤᠬᠴᠠᠰ ᠲᠠᠢ ᠪ᠊ · ᠪᠦᠷᠢᠨᠪᠠᠬᠢ ᠰᠤᠳᠤᠯᠤᠯ ᠪᠤᠶᠤ ᠰᠢᠨᠵᠢᠯᠡᠬᠡᠨ ᠤ ᠮᠡᠷᠬᠡᠵᠢᠯ ᠤᠷᠦ᠋ᠢᠳᠠᠬᠰᠠᠨ ᠴᠤ ᠲᠠᠬᠢᠨᠳᠠ ᠦᠷᠨᠢᠵᠤ ᠴᠤᠬᠴᠠᠯᠠᠬᠳᠠᠬᠤ ᠤᠴᠢᠷᠳᠡᠢ᠃ ᠦᠨᠳᠦᠷᠯᠢᠭ ᠠᠴᠠ ᠤᠷᠬᠢᠯ ᠳᠤ ᠠᠪᠠᠷᠢᠬᠤ ᠴᠢᠬᠤᠯᠠ᠂ ᠨᠢᠬᠡᠨᠳᠠ ᠰᠦᠮᠪᠦᠷᠯᠡᠭᠰᠡᠨ ᠦᠨᠳᠦᠷᠯᠢᠭ ᠢᠶᠠᠨ ᠤᠯᠵᠤ ᠬᠠᠷᠠᠬᠤ ᠨᠢ ᠪᠠᠰᠠ ᠴᠢᠬᠤᠯᠠ᠃ ᠤᠷᠬᠢᠯ ᠠᠴᠠ ᠦᠨᠳᠦᠷᠯᠢᠭ ᠢ ᠪᠠᠷᠠᠯᠠᠬᠤ ᠳᠤ ᠬᠠᠷᠠᠭ᠎ᠠ ᠨᠠᠩ ᠠᠭᠤᠳᠠᠮ᠂ ᠰᠠᠨᠠᠭ᠎ᠠ ᠨᠡᠩ ᠬᠠᠨᠠᠭᠠᠷ ᠪᠠᠶᠢᠳᠠᠭ᠃       ᠶᠠᠷᠠᠨ ᠵᠢᠯ ᠤᠨ ᠤᠢ᠂ ᠶᠢᠰᠦ ᠶᠢᠰᠦ ᠨᠠᠶᠠᠨ ᠨᠢᠬᠡᠨ ᠨᠠᠰᠤᠨ ᠤ ᠬᠤᠳᠤᠭ᠂ ᠶᠢᠰᠦᠨ ᠵᠢᠯ ᠤᠨ ᠲᠤᠷᠠᠳᠬᠠᠯ᠂ ᠭᠤᠷᠪᠠᠨ ᠭᠤᠷᠪᠠ ᠶᠢᠰᠦᠨ ᠮᠤᠩᠭᠤᠯ ᠤᠶᠤᠨ ᠤ ᠰᠢᠳᠢᠰ᠂ ᠶᠢᠰᠦ ᠬᠡᠬᠦ ᠮᠤᠩᠭᠤᠯ ᠤᠨ ᠪᠡᠯᠬᠡᠳᠠᠯ ᠲᠤᠭᠠᠨ ᠳᠤ ᠲᠤᠬᠢᠶᠠᠬᠰᠠᠨ ᠪ᠊ · ᠪᠦᠷᠢᠨᠪᠠᠬᠢ ᠪᠠᠭᠰᠢᠳᠠᠨ ᠤ ᠶᠠᠷᠡ ᠶᠢᠰᠦᠨ ᠲᠡᠭᠷᠢ ᠶᠢᠨ ᠴᠠᠭᠠᠨᠠᠬᠢ ᠠᠷᠢᠭᠤᠨ ᠰᠦᠨᠡᠰᠦᠨ ᠳᠤ ᠬᠤᠷᠠᠯ ᠳᠤ ᠰᠠᠭᠠᠳᠠᠬᠰᠠᠨ ᠪᠢᠳᠡ ᠪᠦᠬᠦᠳᠡᠬᠡᠷ ᠢᠶᠠᠨ ᠮᠦᠷᠬᠦᠮᠦ᠃                   ᠪ᠊ · ᠪᠦᠷᠢᠨᠪᠠᠬᠢ ᠶᠢᠨ ᠵᠤᠷᠢᠭ ᠰᠠᠨᠠᠭ᠎ᠠ ᠠᠴᠠ ᠰᠤᠷᠤᠯᠴᠠᠶ᠎ᠠ                                               ● ᠵᠠᠩ ᠢᠤᠢ      ᠪ᠊ · ᠪᠦᠷᠢᠨᠪᠠᠬᠢ ᠪᠤᠯ ᠤᠳᠤ ᠦᠶ᠎ᠠ ᠶᠢᠨ ᠮᠤᠩᠭᠤᠯ ᠤᠷᠠᠨ ᠵᠤᠬᠢᠶᠠᠯ ᠤᠨ ᠦᠨᠳᠦᠰᠦᠯᠡᠭᠴᠢ᠂ ᠰᠠᠭᠤᠷᠢᠯᠠᠬᠴᠢ᠂ ᠬᠤᠰᠢᠭᠤᠴᠢ᠂ ᠰᠢᠨᠡᠴᠢᠯᠡᠭᠴᠢ᠂ ᠴᠤᠬᠴᠠᠯᠠᠬᠴᠢ᠃ ᠪ᠊ · ᠪᠦᠷᠢᠨᠪᠠᠬᠢ ᠶᠢᠨ ᠨᠢᠬᠡ ᠨᠠᠰᠤ ᠪᠤᠯ ᠨᠠᠮ ᠪᠤᠯᠤᠨ ᠤᠯᠤᠰ ᠤᠷᠤᠨ ᠤ ᠤᠳᠬ᠎ᠠ ᠵᠤᠬᠢᠶᠠᠯ ᠤᠷᠠᠯᠢᠭ ᠤᠨ ᠦᠢᠯᠡᠰ᠂ ᠰᠤᠷᠭᠠᠨ ᠬᠦᠮᠦᠵᠢᠯ ᠤᠨ ᠦᠢᠯᠡᠰ ᠲᠤ ᠤᠶᠤᠨ ᠤᠬᠠᠭᠠᠨ ᠢᠶᠠᠨ ᠰᠢᠪᠬᠠᠵᠤ᠂ ᠬᠠᠯᠠᠰᠢᠷᠠᠯ ᠦᠬᠡᠢ ᠬᠠᠳᠠᠭᠤᠵᠢᠨ ᠴᠢᠷᠮᠠᠶᠢᠬᠰᠠᠨ ᠨᠢᠬᠡ ᠨᠠᠰᠤ ᠮᠦᠨ᠃ ᠲᠡᠷᠡ ᠪᠠᠷ ᠵᠤᠬᠢᠶᠠᠨ ᠪᠦᠳᠦᠬᠡᠬᠦ ᠤᠷᠤᠨ ᠵᠠᠢ ᠶᠢ ᠲᠠᠰᠤᠷᠠᠯᠳᠠ ᠦᠬᠡᠢ ᠦᠷᠬᠡᠳᠬᠡᠵᠤ᠂ ᠵᠤᠬᠢᠶᠠᠨ ᠪᠦᠳᠦᠬᠡᠬᠦ ᠠᠭᠤᠯᠭ᠎ᠠ ᠰᠡᠳᠦᠪᠯᠡᠬᠦᠨ ᠢ ᠪᠠᠶᠡᠯᠢᠬᠵᠢᠭᠤᠯᠵᠤ᠂ ᠤᠷᠠᠨ ᠵᠤᠬᠢᠶᠠᠯ᠂ ᠡᠷᠳᠡᠮ ᠰᠢᠨᠵᠢᠯᠡᠬᠡᠨ᠂ ᠵᠢᠭᠠᠨ ᠰᠤᠷᠭᠠᠯᠳᠠ᠂ ᠤᠷᠴᠢᠭᠤᠯᠭ᠎ᠠ ᠵᠡᠷᠬᠡ ᠠᠳᠠᠯᠢ ᠪᠤᠰᠤ ᠬᠦᠷᠢᠶ᠎ᠠ ᠴᠠᠷᠠᠭ᠎ᠠ ᠳᠤ᠂ ᠦᠪᠡᠷᠮᠢᠴᠡ ᠬᠤᠪᠢ ᠨᠠᠮᠠᠷᠢ ᠤᠷᠤᠭᠤᠯᠤᠬᠰᠠᠨ ᠶᠤᠮ᠃ ᠲᠡᠬᠦᠨ ᠤ ᠤᠷᠠᠨ ᠵᠤᠬᠢᠶᠠᠯ ᠤᠨ ᠦᠨᠳᠦᠷ ᠠᠮᠵᠢᠯᠳᠠ ᠪᠠ ᠦᠵᠠᠯ ᠰᠠᠨᠠᠭᠠᠨ ᠤ ᠦᠪᠡᠷᠮᠢᠴᠡ ᠬᠢᠯᠪᠠᠭ᠎ᠠ ᠪᠤᠯ ᠪᠢᠳᠡᠨ ᠳᠤ ᠦᠯᠡᠳᠡᠬᠡᠵᠤ ᠦᠭᠬᠦᠭᠰᠡᠨ ᠡᠷᠬᠢᠮ ᠨᠠᠨᠳᠢᠨ ᠦᠪ ᠬᠦᠷᠦᠩᠬᠡ ᠪᠤᠯᠬᠤ ᠶᠤᠮ᠃       ᠰᠢᠨ᠎ᠠ ᠴᠠᠭ ᠦᠶ᠎ᠠ ᠳᠤ᠂ ᠪᠢᠳᠡ ᠪ᠊ · ᠪᠦᠷᠢᠨᠪᠠᠬᠢ ᠪᠠᠷ ᠲᠦᠯᠦᠬᠡᠯᠡᠬᠦᠯᠦᠭᠰᠡᠨ ᠠᠬᠠᠮᠠᠳ ᠨᠢᠬᠡ ᠦᠶ᠎ᠠ ᠶᠢᠨ ᠤᠳᠬ᠎ᠠ ᠵᠤᠬᠢᠶᠠᠯᠴᠢ᠂ ᠤᠷᠠᠯᠢᠬᠴᠢᠨ᠂ ᠲᠤᠰᠬᠠᠢ ᠮᠡᠷᠬᠡᠵᠢᠯᠳᠠᠨ ᠢᠶᠠᠷ ᠦᠯᠢᠬᠡᠷ ᠲᠠᠭᠤᠷᠢᠶᠠᠯ ᠪᠤᠯᠭᠠᠵᠤ᠂ ᠲᠡᠳᠡᠨ ᠤ ᠡᠷᠬᠢᠮ ᠨᠠᠨᠳᠢᠨ ᠵᠤᠷᠢᠭ ᠰᠠᠨᠠᠭ᠎ᠠ ᠠᠴᠠ ᠲᠠᠭᠠᠨ ᠰᠤᠷᠤᠯᠴᠠᠬᠤ ᠪᠠ ᠵᠠᠯᠭᠠᠮᠵᠢᠯᠠᠨ ᠬᠦᠭᠵᠢᠬᠦᠯᠬᠦ ᠨᠢ ᠪᠦᠬᠦ ᠤᠷᠤᠨ ᠤ ᠦᠷᠬᠡᠨ ᠤᠯᠠᠨ ᠤᠳᠬ᠎ᠠ ᠤᠷᠠᠯᠢᠭ ᠤᠨ ᠠᠵᠢᠯᠳᠠᠳ ᠤᠨ ᠦᠵᠡᠯ ᠰᠠᠨᠠᠭᠠᠴᠢ ᠴᠢᠨᠠᠷ ᠲᠠᠢ᠂ ᠤᠷᠠᠯᠢᠭ ᠤᠨ ᠨᠦᠯᠦᠬᠡᠯᠡᠬᠦ ᠬᠦᠴᠦᠨ ᠲᠠᠢ᠂ ᠴᠠᠭ ᠦᠶ᠎ᠠ ᠪᠤᠯᠤᠨ ᠠᠷᠠᠳ ᠲᠦᠮᠡᠨ ᠳᠡᠭᠡᠨ ᠤᠰᠤᠯᠳᠠᠬᠤ ᠦᠬᠡᠢ ᠰᠢᠯᠢᠳᠡᠭ ᠪᠦᠳᠦᠬᠡᠯ ᠢ ᠲᠤᠭᠤᠷᠪᠢᠵᠤ᠂ ᠡᠬᠡ ᠤᠯᠤᠰ ᠤᠨ ᠤᠮᠠᠷᠠᠳᠤ ᠬᠢᠯᠢ ᠪᠠᠨ ᠰᠤᠶᠤᠯ ᠴᠡᠴᠡᠭᠯᠡᠨ ᠬᠦᠭᠵᠢᠭᠰᠡᠨ ᠦᠵᠡᠰᠬᠦᠯᠡᠩᠳᠤ ᠰᠠᠶᠢᠬᠠᠨ ᠦᠵᠡᠮᠵᠢ ᠶᠢᠨ ᠤᠷᠤᠨ ᠪᠤᠯᠭᠠᠨ ᠪᠦᠳᠦᠭᠡᠨ ᠪᠠᠶᠢᠭᠤᠯᠵᠤ᠂ ᠡᠯ᠎ᠡ ᠦᠨᠳᠤᠰᠦᠳᠡᠨ ᠤ ᠤᠶᠤᠨ ᠰᠠᠨᠠᠭᠠᠨ ᠤ ᠬᠡᠷ ᠤᠷᠤᠨ ᠢ ᠴᠤᠭᠴᠠᠯᠠᠨ ᠪᠠᠶᠢᠭᠤᠯᠬᠤ ᠳᠤ ᠠᠬᠤᠢᠢᠴᠢ ᠠᠴᠢ ᠬᠤᠯᠪᠤᠭᠳᠠᠯ ᠲᠠᠢ᠂ ᠠᠯᠤᠰ ᠬᠡᠳᠤ ᠶᠢᠨ ᠨᠦᠯᠦᠬᠡ ᠲᠤᠰᠬᠠᠯ ᠲᠠᠢ ᠶᠤᠮ᠃      ᠪ᠊ · ᠪᠦᠷᠢᠨᠪᠠᠬᠢ ᠶᠢᠨ ᠨᠠᠮ ᠪᠠ ᠤᠯᠤᠰ ᠬᠡᠷ ᠲᠡᠭᠡᠨ ᠦᠨᠡᠨᠴᠢ᠂ ᠦᠨᠳᠦᠰᠦᠳᠠᠨ ᠤ ᠬᠤᠪᠢ ᠵᠠᠶᠠᠭ᠎ᠠ ᠶᠢ ᠬᠠᠯᠠᠮᠵᠢᠯᠠᠵᠤ ᠤᠳᠬ᠎ᠠ ᠤᠷᠠᠯᠢᠭ ᠤᠨ ᠦᠢᠯᠡᠰ ᠲᠤ ᠰᠢᠮᠳᠠᠨ ᠵᠢᠳᠬᠦᠭᠰᠡᠨ ᠪᠠᠳᠤ ᠴᠢᠩᠭ᠎ᠠ ᠢᠳᠡᠬᠡᠯ ᠪᠢᠰᠢᠷᠠᠯ ᠪᠤᠯᠤᠨ ᠭᠤᠶᠢᠪᠢᠰᠢ ᠦᠬᠡᠢ ᠵᠤᠷᠢᠭ ᠰᠠᠨᠠᠭ᠎ᠠ ᠠᠴᠠ ᠲᠠᠭᠠᠨ ᠰᠤᠷᠤᠯᠴᠠᠵᠤ᠂ ᠨᠡᠩ ᠰᠠᠨᠠᠭᠠᠴᠢᠯᠠᠭ᠎ᠠ ᠲᠠᠢ ᠪᠠᠷ ᠦᠨᠳᠦᠰᠦᠳᠡᠨ ᠤ ᠰᠤᠶᠤᠯ ᠢ ᠬᠦᠭᠵᠢᠬᠦᠯᠦᠨ ᠮᠠᠨᠳᠤᠭᠤᠯᠬᠤ ᠲᠡᠦᠬᠡᠳᠤ ᠡᠬᠦᠷᠬᠡ ᠶᠢ ᠡᠬᠦᠷᠬᠡᠯᠡᠬᠦ ᠬᠡᠷᠡᠭᠳᠡᠢ᠃ ᠪ᠊ · ᠪᠦᠷᠢᠨᠪᠠᠬᠢ ᠤᠷᠠᠨ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠵᠠᠮ ᠳᠠᠭᠠᠨ ᠢᠮᠠᠬᠳᠠ ᠨᠠᠮ ᠪᠤᠯᠤᠨ ᠤᠯᠤᠰ ᠬᠡᠷ ᠤᠨ ᠬᠤᠪᠢ ᠵᠠᠶᠠᠭ᠎ᠠ᠂ ᠦᠨᠳᠦᠰᠦᠳᠡᠨ ᠤ ᠰᠤᠶᠤᠯ ᠤᠨ ᠬᠦᠭᠵᠢᠯᠳᠠ᠂ ᠴᠠᠭ ᠦᠶ᠎ᠠ ᠶᠢᠨ ᠲᠠᠪᠰᠢᠯᠳᠠ ᠶᠢᠨ ᠠᠵᠢᠯ ᠦᠢᠯᠡᠰ ᠲᠠᠢ ᠨᠢᠬᠳᠠ ᠬᠤᠯᠪᠤᠵᠤ᠂ ᠦᠪᠡᠷ ᠤᠨ ᠢᠶᠠᠨ ᠬᠡᠬᠡᠨ ᠰᠠᠷᠠᠭᠤᠯ᠂ ᠡᠷᠬᠡ ᠴᠢᠯᠦᠬᠡ ᠶᠢᠨ ᠲᠦᠯᠦᠬᠡᠨ ᠤ ᠬᠦᠬᠡᠬᠡᠴᠡᠯᠳᠦᠯ᠂ ᠦᠨᠳᠦᠰᠦᠳᠡᠨ ᠤ ᠬᠤᠪᠢ ᠵᠠᠶᠠᠭᠠᠨ ᠤ ᠲᠤᠬᠠᠢ ᠬᠠᠯᠠᠮᠵᠢᠯᠠᠯ ᠪᠤᠯᠤᠨ ᠰᠦᠪᠡᠭᠴᠢᠯᠡᠯᠳᠡ ᠪᠠᠨ ᠢᠯᠡᠷᠡᠬᠦᠯᠵᠡᠢ᠃ ᠦᠷᠬᠡᠨ ᠤᠯᠠᠨ ᠤᠳᠬ᠎ᠠ ᠤᠷᠠᠯᠢᠭ ᠤᠨ ᠠᠵᠢᠯᠳᠠᠳ ᠪ᠊ · ᠪᠦᠷᠢᠨᠪᠠᠬᠢ ᠶᠢᠨ ᠢᠮᠠᠬᠳᠠ ᠡᠷᠬᠢᠮ ᠲᠡᠬᠡᠳᠤ ᠬᠦᠰᠡᠯᠡᠩ ᠢᠳᠡᠬᠡᠯ ᠪᠢᠰᠢᠷᠡᠯ ᠢ ᠡᠷᠬᠢᠮᠯᠡᠵᠤ᠂ ᠤᠬᠠᠮᠰᠠᠷ ᠠᠴᠠ ᠪᠠᠨ ᠨᠠᠮ ᠪᠤᠯᠤᠨ ᠤᠯᠤᠰ ᠬᠡᠷ᠂ ᠠᠷᠠᠳ ᠤᠯᠠᠨ ᠤ ᠠᠵᠢᠯ ᠦᠢᠯᠡᠰ ᠢ ᠰᠡᠳᠬᠢᠯ ᠵᠢᠷᠦᠬᠡᠨ ᠤ ᠪᠠᠨ ᠬᠠᠮᠤᠭ ᠦᠨᠳᠦᠷ ᠪᠠᠶᠢᠷᠢ ᠳᠤ ᠲᠠᠯᠪᠢᠵᠤ ᠵᠤᠷᠢᠭ ᠰᠠᠨᠠᠭ᠎ᠠ ᠶᠢ ᠰᠤᠷᠤᠯᠴᠠᠵᠤ᠂ ᠡᠨᠡ ᠬᠦ ᠠᠭᠤᠤ ᠶᠡᠭᠡ ᠴᠠᠭ ᠦᠶ᠎ᠠ ᠳᠤ ᠤᠰᠤᠯᠳᠠᠬᠤ ᠦᠬᠡᠢ ᠤᠳᠬ᠎ᠠ ᠤᠷᠠᠯᠢᠭ ᠤᠨ ᠰᠤᠳᠤᠨ ᠪᠦᠳᠦᠬᠡᠯ ᠢ ᠴᠢᠷᠮᠡᠶᠢᠨ ᠵᠤᠬᠢᠶᠠᠨ ᠪᠦᠳᠦᠬᠡᠬᠦ ᠬᠡᠷᠡᠭᠳᠡᠢ᠃       ᠪ᠊ · ᠪᠦᠷᠢᠨᠪᠠᠬᠢ ᠶᠢᠨ ᠢᠮᠠᠬᠳᠠ ᠠᠷᠠᠳ ᠲᠦᠮᠡᠨ ᠢᠶᠠᠷ ᠭᠤᠤᠯ ᠪᠤᠯᠭᠠᠵᠤ ᠵᠤᠬᠢᠶᠠᠨ ᠪᠦᠳᠦᠬᠡᠬᠦ᠂ ᠠᠷᠠᠳ ᠲᠦᠮᠡᠨ ᠤ ᠲᠤᠮᠳᠠ ᠦᠨᠳᠦᠰᠦᠯᠡᠬᠦ ᠦᠵᠡᠯ ᠤᠬᠠᠮᠰᠠᠷ ᠢ ᠰᠤᠷᠤᠯᠴᠠᠨ ᠵᠠᠯᠭᠠᠮᠵᠢᠯᠠᠵᠤ᠂ ᠨᠡᠩ ᠰᠠᠨᠠᠭᠠᠴᠢᠯᠠᠭ᠎ᠠ ᠲᠠᠢ ᠪᠠᠷ ᠠᠷᠠᠳ ᠲᠦᠮᠡᠨ ᠳᠤ ᠦᠢᠯᠡᠴᠢᠯᠡᠬᠦ᠂ ᠠᠷᠠᠳ ᠲᠦᠮᠡᠨ ᠢ ᠮᠠᠬᠳᠠᠨ ᠲᠠᠭᠤᠯᠠᠬᠤ ᠰᠤᠶᠤᠯ ᠤᠨ ᠡᠬᠦᠷᠬᠡᠯᠡᠯ ᠢ ᠡᠬᠦᠷᠬᠡᠯᠡᠬᠦ ᠬᠡᠷᠡᠭᠳᠡᠢ᠃ ᠪ᠊ · ᠪᠦᠷᠢᠨᠪᠠᠬᠢ ᠢᠮᠠᠬᠳᠠ ᠠᠷᠠᠳ ᠲᠦᠮᠡᠨ ᠤ ᠵᠤᠬᠰᠤᠯᠳᠠ ᠲᠡᠭᠡᠷ᠎ᠡ ᠵᠤᠬᠰᠤᠵᠤ᠂ ᠠᠷᠠᠳ ᠤᠯᠠᠨ ᠤ ᠠᠮᠢᠳᠦᠷᠠᠯ ᠲᠤᠮᠳᠠ ᠬᠦᠨ ᠦᠨᠳᠦᠰᠦᠯᠡᠵᠤ᠂ ᠤᠯᠠᠨ ᠵᠢᠯ ᠤᠨ ᠵᠤᠬᠢᠶᠠᠨ ᠪᠦᠳᠦᠬᠡᠯᠬᠡ ᠳᠡᠭᠡᠨ ᠠᠷᠠᠳ ᠲᠦᠮᠡᠨ ᠤ ᠠᠮᠢᠳᠦᠷᠠᠯ ᠲᠠᠮᠠᠴᠠᠯ ᠪᠤᠯᠤᠨ ᠬᠦᠰᠡᠯ ᠬᠦᠬᠡᠬᠡᠴᠡᠯᠳᠦᠯ ᠢ ᠢᠯᠡᠷᠡᠬᠦᠯᠦᠭᠰᠡᠨ ᠢᠶᠠᠷ ᠢᠶᠠᠨ ︽ᠠᠷᠠᠳ ᠲᠦᠮᠨᠨ ᠤ ᠰᠢᠯᠦᠭᠴᠢ︾᠎ ᠶᠢᠨ ᠢᠷᠠᠭᠤ ᠠᠯᠳᠠᠷ ᠢ ᠤᠯᠤᠬᠰᠠᠨ ᠪᠠᠶᠢᠨ᠎ᠠ᠃ ᠦᠷᠬᠡᠨ ᠤᠯᠠᠨ ᠤᠳᠬ᠎ᠠ ᠤᠷᠠᠯᠢᠭ ᠤᠨ ᠠᠵᠢᠯᠳᠠᠳ ᠠᠷᠠᠳ ᠲᠦᠮᠡᠨ ᠢᠶᠠᠷ ᠭᠤᠤᠯ ᠪᠤᠯᠭᠠᠬᠤ ᠵᠤᠬᠢᠶᠠᠨ ᠪᠦᠳᠦᠬᠡᠯᠬᠡ ᠶᠢᠨ ᠤᠳᠤᠷᠢᠳᠤᠮᠵᠢ ᠶᠢ ᠪᠠᠳᠤ ᠪᠤᠢ ᠪᠤᠯᠭᠠᠵᠤ᠂ ᠤᠯᠠᠨ ᠲᠦᠮᠡᠨ ᠤ ᠪᠤᠳᠠᠳᠤ ᠠᠮᠢᠳᠦᠷᠠᠯ ᠲᠤᠮᠳᠠ ᠠᠴᠠ ᠪᠤᠷᠤ ᠮᠠᠲ᠋ᠧᠷᠢᠶᠠᠯ ᠠᠭᠤᠳᠠᠯᠵᠤ᠂ ᠭᠤᠤᠯ ᠰᠡᠳᠦᠪ ᠢ ᠰᠢᠷᠭᠠᠭᠠᠵᠤ᠂ ᠠᠷᠠᠳ ᠲᠦᠮᠡᠨ ᠤ ᠲᠡᠦᠬᠡ ᠶᠢ ᠪᠦᠳᠦᠬᠡᠬᠦ ᠲᠤᠮᠳᠠ ᠤᠷᠠᠯᠢᠭ ᠤᠨ ᠵᠤᠬᠢᠶᠠᠨ ᠪᠦᠳᠦᠬᠡᠯᠬᠡ ᠬᠢᠵᠤ᠂ ᠲᠠᠰᠤᠷᠠᠯᠳᠠ ᠦᠬᠡᠢ ᠨᠠᠮ ᠢᠶᠠᠨ ᠮᠠᠬᠳᠠᠨ ᠲᠠᠭᠤᠯᠠᠬᠰᠠᠠ᠂ ᠡᠬᠡ ᠤᠯᠤᠰ ᠢᠶᠠᠨ ᠮᠠᠬᠳᠠᠨ ᠲᠠᠭᠤᠯᠠᠬᠰᠠᠨ᠂ ᠠᠷᠠᠳ ᠲᠦᠮᠡᠨ ᠢᠶᠠᠨ ᠮᠠᠬᠳᠠᠨ ᠲᠠᠭᠤᠯᠠᠬᠰᠠᠨ ᠪᠠᠭᠠᠳᠤᠷ ᠢᠶᠠᠨ ᠮᠠᠬᠳᠠᠨ ᠲᠠᠭᠤᠯᠠᠬᠰᠠᠨ ᠰᠤᠳᠤᠨ ᠪᠦᠳᠦᠬᠡᠯ ᠢ ᠲᠠᠰᠤᠷᠠᠯᠳᠠ ᠦᠬᠡᠢ ᠵᠤᠬᠢᠶᠠᠨ ᠪᠦᠳᠦᠬᠡᠬᠦ ᠬᠡᠷᠡᠭᠳᠡᠢ᠃       ᠪ᠊ · ᠪᠦᠷᠢᠨᠪᠠᠬᠢ ᠶᠢᠨ ᠵᠤᠷᠢᠬᠳᠡᠢ ᠪᠠᠷ ᠰᠢᠨ᠎ᠠ ᠶᠢ ᠡᠬᠦᠳᠬᠦ᠂ ᠵᠤᠷᠢᠬᠳᠡᠢ ᠪᠠᠷ ᠦᠩᠬᠡᠷᠡᠭᠰᠡᠨ ᠤ ᠬᠢ ᠶᠢ ᠲᠠᠪᠠᠭ᠋ᠤ ᠤᠷᠠᠯᠢᠭ ᠤᠨ ᠬᠦᠬᠡᠬᠡᠴᠡᠯᠳᠦᠯ ᠪᠤᠯᠤᠨ ᠵᠤᠷᠢᠭ ᠰᠠᠨᠠᠭ᠎ᠠ ᠠᠴᠠ ᠲᠠᠭᠠᠨ ᠰᠤᠷᠤᠯᠴᠠᠵᠤ ᠤᠯᠠᠮᠵᠢᠯᠠᠨ ᠵᠠᠯᠭᠠᠮᠵᠢᠯᠠᠵᠤ᠂ ᠨᠠᠩ ᠰᠠᠨᠠᠭᠠᠴᠢᠯᠠᠭ᠎ᠠ ᠲᠠᠢ ᠪᠠᠷ ᠦᠨᠳᠦᠰᠦᠳᠡᠨ ᠤ ᠰᠤᠶᠤᠯ ᠢ ᠪᠦᠳᠦᠬᠡᠯᠴᠢ ᠪᠠᠷ ᠬᠤᠪᠢᠷᠠᠭᠤᠯᠬᠤ᠂ ᠰᠢᠨ᠎ᠠ ᠶᠢ ᠡᠬᠦᠳᠬᠦ ᠬᠦᠭᠵᠢᠯᠳᠡ ᠶᠢ ᠠᠬᠢᠭᠤᠯᠬᠤ ᠴᠠᠭ ᠦᠶ᠎ᠠ ᠶᠢᠨ ᠬᠦᠨᠳᠤ ᠡᠬᠦᠷᠬᠡ ᠶᠢ ᠡᠬᠦᠷᠬᠡᠯᠡᠬᠦ ᠬᠡᠷᠡᠭᠳᠡᠢ᠃ ᠦᠷᠬᠡᠨ ᠤᠯᠠᠨ ᠤᠳᠬ᠎ᠠ ᠤᠷᠠᠯᠢᠭ ᠤᠨ ᠠᠵᠢᠯᠳᠠᠳ ᠲᠡᠬᠦᠨ ᠤ ᠤᠷᠠᠯᠢᠭ ᠤᠨ ᠵᠤᠬᠢᠶᠠᠨ ᠪᠦᠳᠦᠬᠡᠯᠬᠡ ᠪᠤᠯᠤᠨ ᠡᠷᠳᠡᠮ ᠰᠢᠨᠵᠢᠯᠡᠬᠡᠨ ᠤ ᠰᠤᠳᠤᠯᠤᠯ ᠤᠨ ᠲᠠᠯ᠎ᠠ ᠪᠠᠷ ᠤᠯᠠᠮᠵᠢᠯᠠᠯᠳᠤ ᠰᠤᠶᠤᠯ ᠢᠶᠠᠨ ᠵᠠᠯᠭᠠᠮᠵᠢᠯᠠᠬᠤ ᠪᠦᠬᠡᠳ ᠵᠤᠷᠢᠬᠳᠡᠢ ᠪᠠᠷ ᠰᠢᠨ᠎ᠠ ᠶᠢ ᠡᠬᠦᠳᠬᠦ ᠵᠤᠷᠢᠭ ᠰᠠᠨᠠᠭ᠎ᠠ ᠶᠢ ᠰᠤᠷᠤᠯᠴᠠᠵᠤ᠂ ᠨᠠᠩ ᠦᠷᠬᠡᠨ ᠬᠠᠷᠠᠭᠠᠰᠤ ᠪᠠᠷ ᠲᠡᠯᠡᠬᠡᠢ ᠶᠢᠨ ᠡᠯ᠎ᠡ ᠦᠨᠳᠦᠰᠦᠳᠡᠨ ᠤ ᠰᠤᠶᠤᠯ ᠳᠤ ᠬᠠᠨᠳᠤᠵᠤ᠂ ᠨᠡᠩ ᠤᠯᠠᠨ ᠲᠠᠯ᠎ᠠ ᠨᠤᠳᠤᠭ ᠤᠨ ᠰᠤᠶᠤᠯ ᠤᠨ ᠤᠨᠴᠠᠯᠢᠭ ᠲᠠᠢ᠂ ᠲᠠᠯ᠎ᠠ ᠨᠤᠳᠤᠭ ᠤᠨ ᠰᠤᠶᠤᠯ ᠤᠨ ᠬᠡᠪ ᠨᠠᠮᠪᠠ᠂ ᠲᠠᠯ᠎ᠠ ᠨᠤᠳᠤᠭ ᠤᠨ ᠰᠤᠶᠤᠯ ᠤᠨ ᠴᠤᠭ ᠰᠦᠯᠳᠠ ᠲᠠᠢ ᠰᠤᠩᠭᠤᠳᠠᠭ ᠪᠦᠳᠦᠬᠡᠯ ᠢ ᠵᠤᠬᠢᠶᠠᠨ ᠪᠦᠳᠦᠬᠡᠬᠦ ᠬᠡᠷᠡᠭᠳᠡᠢ᠃       ᠪ᠊ · ᠪᠦᠷᠢᠨᠪᠠᠬᠢ ᠶᠢᠨ ᠭᠠᠭᠴᠠ ᠰᠡᠳᠬᠢᠯ ᠢᠶᠠᠷ ᠰᠢᠮᠳᠠᠵᠤ᠂ ᠲᠠᠷᠤᠤ ᠬᠢᠴᠢᠶᠡᠩᠬᠦᠢ ᠬᠢᠨᠠᠭᠤᠷ ᠪᠤᠯᠭᠤᠮᠵᠢᠳᠠᠢ ᠪᠠᠶᠢᠬᠤ᠂ ᠤᠷᠠᠯᠢᠭ ᠮᠤᠷᠠᠯ ᠬᠤᠤᠰᠯᠠᠬᠤ ᠶᠢ ᠬᠦᠭᠡᠭᠡᠴᠡᠯᠳᠦᠬᠦ ᠡᠷᠬᠢᠮ ᠲᠡᠬᠡᠳᠤ ᠬᠡᠪ ᠰᠤᠷᠳᠠᠯ ᠢ ᠤᠯᠠᠮᠵᠢᠯᠠᠨ ᠪᠠᠳᠠᠷᠠᠭᠤᠯᠵᠤ᠂ ᠨᠡᠩ ᠰᠠᠨᠠᠭᠠᠴᠢᠯᠠᠭ᠎ᠠ ᠲᠠᠢ ᠎ ᠪᠠᠷ ᠴᠠᠭ ᠦᠶ᠎ᠠ ᠶᠢᠨ ᠪᠤᠯᠪᠠᠰᠤᠨ ᠤ ᠬᠡᠪ ᠰᠤᠷᠳᠠᠯ ᠢ ᠬᠦᠳᠦᠯᠦᠨ ᠲᠠᠭᠠᠭᠤᠯᠬᠤ ᠨᠡᠶᠢᠬᠡᠮ ᠤᠨ ᠬᠠᠷᠢᠭᠤᠴᠠᠯᠭ᠎ᠠ ᠶᠢ ᠡᠬᠦᠷᠬᠡᠯᠡᠬᠦ ᠬᠡᠷᠡᠭᠳᠡᠢ᠃ ᠪ᠊ · ᠪᠦᠷᠢᠨᠪᠠᠬᠢ ᠠᠷᠠᠳ ᠤᠨ ᠰᠢᠯᠦᠭᠴᠢ᠂ ᠨᠡᠷᠡᠳᠤ ᠡᠷᠳᠡᠮᠳᠡᠨ᠂ ᠶᠡᠭᠡ ᠰᠤᠷᠭᠠᠭᠤᠯᠢ ᠶᠢᠨ ᠫᠷᠦᠹᠧᠰᠰᠤᠷ ᠪᠤᠯᠤᠬᠰᠠᠨ ᠤ ᠬᠤᠪᠢ ᠳᠤ ᠮᠤᠩᠭᠤᠯ ᠤᠳᠬ᠎ᠠ ᠵᠤᠬᠢᠶᠠᠯ ᠤᠨ ᠵᠢᠭᠠᠨ ᠰᠤᠷᠭᠠᠯᠳᠠ᠂ ᠰᠤᠳᠤᠯᠤᠯ ᠵᠢᠴᠢ ᠴᠢᠳᠡᠪᠦᠷᠢᠳᠡᠨ ᠢ ᠬᠦᠮᠦᠵᠢᠬᠦᠯᠬᠦ ᠲᠠᠯ᠎ᠠ ᠪᠠᠷ ᠲᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ ᠪᠠᠶᠢᠨ᠎ᠠ᠃ ᠨᠠᠷᠢᠨ ᠨᠢᠮᠪᠠᠢ᠂ ᠲᠠᠷᠤᠤ ᠬᠢᠴᠢᠶᠡᠩᠬᠦᠢ᠂ ᠪᠠᠶᠠᠰᠤᠩᠭᠤᠢ᠂ ᠠᠭᠤᠳᠠᠮᠴᠢ ᠪᠠᠭᠳᠠᠭᠠᠮᠵᠢᠳᠠᠢ᠂ ᠠᠵᠢᠯᠴᠢ ᠪᠤᠷᠤᠬᠵᠢᠭᠤᠨ ᠪᠤᠯ ᠪ᠊ · ᠪᠦᠷᠢᠨᠪᠠᠬᠢ ᠶᠢᠨ ᠠᠷᠤᠤᠬᠠᠨ ᠪᠤᠯᠤᠷ ᠬᠦᠮᠦᠨ ᠮᠦᠰᠦ ᠶᠢᠨ ᠲᠠᠭᠤᠷᠢᠶᠠᠯ ᠮᠦᠨ᠃ ᠲᠡᠷᠡ ᠪᠠᠷ ᠦᠪᠡᠷ ᠤᠨ ᠬᠦᠮᠦᠨ ᠮᠦᠰᠦ ᠶᠢᠨ ᠠᠷᠤᠤᠬᠠᠨ ᠪᠤᠯᠤᠷ ᠪᠠ ᠰᠢᠯᠢᠳᠡᠭ ᠪᠦᠳᠦᠬᠡᠯ ᠢᠶᠠᠷ ᠢᠶᠠᠨ ᠠᠷᠠᠳ ᠤᠯᠠᠨ ᠳᠠᠭᠠᠨ ᠪᠢᠰᠢᠷᠡᠭᠳᠡᠵᠤ ᠶᠠᠪᠤᠬᠰᠠᠨ ᠶᠤᠮ᠃ ᠦᠷᠬᠡᠨ ᠤᠯᠠᠨ ᠤᠳᠬ᠎ᠠ ᠤᠷᠠᠯᠢᠭ ᠤᠨ ᠠᠵᠢᠯᠳᠠᠳ ᠪ᠊ · ᠪᠦᠷᠢᠨᠪᠠᠬᠢ ᠶᠢᠨ ᠤᠷᠠᠯᠢᠭ ᠮᠤᠷᠠᠯ ᠬᠤᠤᠰᠯᠠᠬᠤ ᠶᠢ ᠬᠦᠬᠡᠬᠡᠴᠡᠯᠳᠦᠬᠦ ᠬᠦᠮᠦᠨ ᠤ ᠠᠮᠢᠳᠦᠷᠠᠯ ᠤᠨ ᠤᠢ ᠤᠬᠠᠭᠠᠨ ᠢ ᠰᠤᠷᠤᠯᠴᠠᠵᠤ᠂ ᠪᠠᠶ᠎ᠠ ᠪᠠᠷ ᠢᠶᠠᠨ ᠲᠦᠷᠦᠬᠦᠯᠡᠨ ︽ᠤᠯᠤᠰ ᠢᠶᠠᠨ ᠬᠠᠶᠢᠷᠠᠯᠠᠬᠤ᠂ ᠠᠷᠠᠳ ᠲᠦᠮᠡᠨ ᠳᠤ ᠦᠢᠯᠡᠴᠢᠯᠡᠬᠦ᠂ ᠶᠤᠰᠤ ᠰᠤᠷᠳᠠᠬᠤᠨ ᠢ ᠲᠡᠬᠡᠳᠦᠯᠡᠬᠦ᠂ ᠤᠷᠠᠯᠢᠭ ᠢ ᠡᠷᠬᠢᠮᠯᠡᠬᠦ︾ ᠤᠳᠬ᠎ᠠ ᠤᠷᠠᠯᠢᠭ ᠤᠨ ᠬᠢᠨ ᠤ ᠭᠤᠤᠯᠯᠠᠬᠴᠢ ᠦᠷᠳᠡᠭ ᠤᠨ ᠦᠵᠠᠯᠳᠠ ᠶᠢ ᠦᠢᠯᠡᠳᠦᠯᠬᠡᠵᠢᠬᠦᠯᠬᠦ ᠬᠡᠷᠡᠭᠳᠡᠢ᠃                    ᠰᠢᠯᠦᠭᠴᠢ ᠶᠢᠨ ᠳᠣᠲᠤᠷᠠᠬᠢ ᠰᠢᠯᠭᠠᠷᠠᠭᠰᠠᠨ ᠡᠷᠳᠡᠮᠳᠡᠨ                     ᠡᠷᠳᠡᠮᠳᠡᠨ ᠤ ᠲᠤᠳᠤᠷᠠᠬᠢ ᠰᠢᠯᠭᠠᠷᠠᠬᠰᠠᠨ ᠰᠢᠯᠦᠭᠴᠢ                                                  ● ᠲᠤᠷᠤᠨᠠᠲ᠋ᠡᠭᠷᠢ      ᠪ᠊ · ᠪᠦᠷᠢᠨᠪᠠᠬᠢ ᠪᠠᠭᠰᠢᠲᠠᠨ 90 ᠵᠢᠯ ᠤᠨ ᠡᠮᠦᠨ᠎ᠡ ᠬᠦᠢᠳᠠᠨ ᠰᠠᠯᠬᠢ ᠵᠢᠬᠡᠬᠦᠨ ᠪᠤᠷᠤᠭᠠᠨ ᠲᠠᠢ ᠪᠠᠭᠠᠷᠢᠨ ᠤ ᠲᠠᠯ᠎ᠠ ᠨᠤᠳᠤᠭ ᠲᠤ ᠮᠡᠨᠳᠦᠯᠡᠵᠡᠢ᠃ ᠪ᠊ · ᠪᠦᠷᠢᠨᠪᠠᠬᠢ ᠬᠠᠷᠠᠠᠬᠨ ᠪᠠᠭ᠎ᠠ ᠠᠴᠠ ᠪᠠᠨ ᠠᠮᠢᠳᠦᠷᠠᠯ ᠤᠨ ᠬᠠᠳᠠᠭᠤ ᠪᠡᠷᠬᠡ ᠶᠢ ᠲᠤᠭᠤᠯᠵᠤ᠂ ᠲᠡᠰᠪᠦᠷᠢ ᠬᠠᠲᠠᠭᠤᠵᠢᠯᠲᠠᠢ ᠵᠠᠩ ᠴᠢᠨᠠᠷ ᠢ ᠬᠦᠮᠦᠵᠢᠭᠦᠯᠦᠭᠰᠡᠨ ᠶᠤᠮ᠃ ᠲᠡᠷᠡ 1943 ᠤᠨ ᠳᠤ ᠠᠯᠪᠠᠨ ᠠᠴᠠ ᠡᠷᠬᠢᠯᠡᠭᠰᠡᠨ ᠠᠩᠬ᠎ᠠ ᠳᠡᠰ ᠤᠨ ᠪᠠᠭ᠎ᠠ ᠰᠤᠷᠭᠠᠭᠤᠯᠢ ᠳᠤ ᠤᠷᠤᠵᠤ᠂ ᠡᠷᠳᠡᠮ ᠰᠤᠶᠤᠯ ᠤᠨ ᠵᠠᠮ ᠢᠶᠠᠨ ᠡᠯᠭᠦᠵᠡᠢ᠃ ᠮᠡᠳᠡᠯᠬᠡ ᠶᠢᠨ ᠬᠡᠬᠡ ᠲᠡᠬᠦᠨ ᠤ ᠤᠶᠤᠨ ᠤᠬᠠᠭᠠᠨ ᠢ ᠬᠡᠷᠡᠯᠳᠦᠬᠦᠯᠵᠤ᠂ 1946 ᠤᠨ ᠳᠤ ︽ᠮᠦᠬᠡᠷᠦᠦ ᠮᠦᠬᠡᠷᠦᠦ ᠱᠤᠷᠤᠩ ᠬᠠᠳᠠ︾ ᠬᠡᠬᠦ ᠠᠩᠬᠠᠨ ᠤ ᠪᠦᠳᠦᠬᠡᠯ ᠢᠶᠠᠨ ᠵᠤᠬᠢᠶᠠᠨ ᠪᠦᠲᠦᠭᠡᠭᠰᠡᠨ ᠨᠢ ᠵᠠᠯᠠᠭᠤ ᠪᠠᠭ᠎ᠠ ᠶᠢᠨ ᠲᠡᠬᠦᠨ ᠢ ᠦᠯᠦ ᠮᠡᠳᠡᠭ ᠢᠶᠠᠷ ᠬᠦᠪᠡᠭᠡ ᠬᠢᠵᠠᠭᠠᠷ ᠦᠬᠡᠢ ᠤᠷᠠᠯᠢᠭ ᠤᠨ ᠪᠠᠷᠳᠠᠭᠠᠳᠤ ᠵᠠᠮ ᠳᠤ ᠬᠦᠳᠦᠯᠦᠨ ᠤᠷᠤᠭᠤᠯᠤᠬᠰᠠᠨ ᠪᠠᠶᠢᠨ᠎ᠠ᠃ ᠲᠤᠰ ᠪᠦᠳᠦᠬᠡᠯ ᠳᠤ ᠠᠷᠠᠳ ᠤᠨ ᠠᠮᠠᠨ ᠵᠣᠬᠢᠶᠠᠯ ᠤᠨ ᠤᠤᠷ ᠲᠤᠨᠤᠳᠠᠰᠤ ᠪᠠᠶᠢᠬᠤ ᠪᠦᠬᠡᠳ ᠪᠢᠴᠢᠭ ᠤᠨ ᠤᠷᠠᠨ ᠵᠤᠬᠢᠶᠠᠯ ᠤᠨ ᠦᠩᠬᠡ ᠪᠤᠳᠤᠭ ᠨᠡᠮᠡᠭᠳᠡᠵᠦ᠂ ᠴᠡᠯᠡᠬᠡᠷ ᠠᠭᠤᠳᠠᠮ ᠡᠬᠡ ᠭᠠᠵᠠᠷ ᠤᠨ ᠡᠬᠡᠨᠡᠭᠰᠢᠯ ᠬᠠᠷᠠᠬᠳᠠᠬᠤ ᠪᠦᠬᠡᠳ ᠡᠷᠬᠢᠮ ᠲᠡᠬᠡᠳᠤ ᠬᠤᠪᠢᠰᠬᠠᠯ ᠤᠨ ᠬᠠᠯᠠᠭᠤᠨ ᠰᠡᠳᠬᠢᠯᠬᠡ ᠪᠠᠷ ᠤᠷᠬᠢᠯᠵᠤ᠂ ᠵᠠᠯᠠᠭᠤ ᠰᠢᠯᠦᠭᠴᠢ ᠶᠢᠨ ᠳᠣᠲᠤᠭᠠᠲᠤ ᠰᠡᠳᠭᠢᠯ ᠤᠨ ᠪᠠᠶᠠᠯᠢᠭ ᠶᠢᠷᠲᠢᠨᠴᠦ ᠬᠢᠭᠡᠳ ᠤᠯᠠᠨ ᠠᠴᠠ ᠬᠡᠲᠦ᠋ᠢᠳᠦᠭᠰᠡᠨ ᠠᠪᠢᠶᠠᠰ ᠪᠢᠯᠢᠭ ᠢ ᠨᠢ ᠪᠦᠷᠢᠨ ᠲᠣᠳᠣ ᠢᠯᠡᠷᠡᠭᠦᠯᠵᠡᠢ᠃      1948 ᠤᠨ ᠳᠤ᠂ ᠪ᠊ · ᠪᠦᠷᠢᠨᠪᠠᠬᠢ ᠬᠤᠪᠢᠰᠬᠠᠯ ᠳᠤ ᠤᠷᠤᠯᠴᠠᠵᠤ᠂ ᠴᠡᠷᠢᠭ ᠤᠨ ᠠᠮᠢᠳᠦᠷᠠᠯ ᠢᠶᠠᠨ ᠡᠬᠢᠯᠡᠬᠦᠯᠵᠡᠢ᠃ ᠴᠡᠷᠢᠭ ᠤᠨ ᠬᠤᠸᠠᠷᠠᠨ ᠤ ᠡᠷᠬᠢᠮ ᠲᠡᠬᠡᠳᠤ᠂ ᠲᠦᠪ ᠴᠢᠩᠭ᠎ᠠ ᠤᠷᠴᠢᠨ ᠲᠣᠭᠤᠷᠢᠨ ᠨᠢ ᠵᠠᠯᠠᠭᠤ ᠰᠢᠯᠦᠭᠴᠢ ᠪ᠊ · ᠪᠦᠷᠢᠨᠪᠠᠬᠢ ᠶᠢᠨ ᠠᠮᠢᠳᠦᠷᠠᠯ ᠤᠨ ᠵᠠᠩ ᠲᠡᠳᠬᠠᠯ᠂ ᠦᠵᠡᠯ ᠰᠠᠨᠠᠭ᠎ᠠ ᠵᠢᠴᠢ ᠠᠵᠢᠯ ᠤᠨ ᠰᠤᠷᠳᠠᠯ ᠢ ᠲᠠᠪᠳᠠᠨ ᠪᠤᠯᠪᠠᠰᠤᠷᠠᠭᠤᠯᠤᠬᠰᠠᠨ ᠪᠠᠶᠢᠨ᠎ᠠ᠃ ᠲᠡᠬᠦᠨ ᠤ ᠵᠤᠬᠢᠶᠠᠨ ᠪᠦᠳᠦᠬᠡᠯᠬᠡ ᠶᠢᠨ ᠲᠠᠯ᠎ᠠ ᠪᠠᠷ ᠬᠢ ᠰᠤᠳᠤᠨ ᠪᠦᠳᠦᠬᠡᠯ ᠤᠨ ᠤᠬᠠᠮᠰᠠᠷ᠂ ᠵᠢᠭᠠᠨ ᠰᠤᠷᠭᠠᠯᠳᠠ ᠶᠢᠨ ᠲᠠᠯ᠎ᠠ ᠪᠠᠷ ᠬᠢ ᠲᠦᠪ ᠴᠢᠩᠭ᠎ᠠ ᠤᠪᠤᠷ᠂ ᠠᠮᠢᠳᠦᠷᠠᠯ ᠤᠨ ᠲᠠᠯ᠎ᠠ ᠪᠠᠷ ᠬᠢ ᠲᠦᠷᠢᠮᠵᠢᠩᠬᠦᠢ ᠰᠤᠷᠳᠠᠯ ᠨᠢ ᠪᠦᠷ ᠲᠡᠬᠦᠨ ᠤ ᠴᠡᠷᠢᠭ ᠤᠨ ᠠᠮᠢᠳᠦᠷᠠᠯ ᠤᠨ ᠦᠩᠭᠡᠷᠡᠯᠲᠡ ᠯᠦᠭᠡ ᠬᠤᠯᠪᠤᠭ᠎ᠠ ᠲᠠᠢ ᠶᠤᠮ᠃       ᠴᠡᠷᠢᠭ ᠪᠠᠶᠢᠬᠰᠨᠨ ᠴᠤ ᠲᠡᠷᠡ᠂ ᠪᠠᠭᠰᠢ ᠪᠣᠯᠤᠭᠰᠠᠨ ᠴᠤ ᠲᠡᠷᠡ᠂ ᠪ᠊ · ᠪᠦᠷᠢᠨᠪᠠᠬᠢ ᠤᠳᠬ᠎ᠠ ᠵᠤᠬᠢᠶᠠᠯ ᠤᠨ ᠵᠤᠬᠢᠶᠠᠨ ᠪᠦᠳᠦᠬᠡᠯᠬᠡ ᠪᠠᠨ ᠢᠮᠠᠬᠳᠠ ᠪᠠᠷᠢᠮᠳᠠᠯᠠᠵᠤ᠂ ᠶᠠᠮᠠᠷ ᠴᠠᠭ ᠦᠶ᠎ᠠ ᠳᠤ ᠬᠡᠰᠡᠨ ᠴᠤ᠂ ᠶᠠᠮᠠᠷ ᠣᠷᠴᠢᠨ ᠲᠣᠭᠤᠷᠢᠨ ᠳᠤ ᠬᠡᠰᠡᠨ ᠴᠤ ᠲᠠᠶᠠᠬᠳᠠᠵᠤ ᠦᠩᠬᠡᠷᠡᠭᠡ ᠦᠬᠡᠢ ᠶᠤᠮ᠃ ᠲᠡᠷᠡ ᠤᠷᠠᠯᠢᠭ ᠤᠨ ᠪᠠᠷᠲᠠᠭᠠᠲᠤ ᠵᠠᠮ ᠢ ᠲᠠᠰᠤᠷᠠᠯᠲᠠ ᠦᠭᠡᠢ ᠬᠠᠶᠢᠨ ᠲᠤᠭᠤᠯᠵᠤ᠂ ︽ᠮᠦᠬᠡᠷᠦᠦ ᠮᠦᠬᠡᠷᠦᠦ ᠱᠤᠷᠤᠩ ᠬᠠᠳᠠ︾᠂ ︽ᠰᠡᠳᠬᠢᠯ ᠪᠡ ᠰᠦ︾᠂ ︽ᠠᠮᠢᠯᠡᠯ ᠤᠨ ᠪᠡᠯᠬᠡᠳᠤ ᠴᠡᠴᠡᠭ︾᠂ ︽ᠮᠦᠩᠬᠦᠨ ᠲᠠᠯᠠᠬᠡᠢ ᠶᠢᠨ ᠡᠵᠡᠳ︾᠂ ︽ᠬᠦᠰᠡᠯᠡᠩ ᠤᠨ ᠬᠦᠯᠦᠭ︾ ᠵᠡᠷᠬᠡ ᠬᠦᠮᠦᠰ ᠤᠨ ᠰᠡᠳᠬᠢᠯ ᠳᠤ ᠬᠠᠳᠠᠩᠰᠢᠬᠰᠠᠨ ᠭᠠᠶᠢᠬᠠᠮᠰᠢᠬᠳᠤ ᠪᠦᠳᠦᠬᠡᠯ ᠤᠳ ᠢ ᠲᠤᠭᠤᠷᠪᠢᠵᠤ᠂ ᠲᠤᠵᠢ ᠨᠠᠰᠤᠨ ᠤ ᠲᠠᠰᠤᠷᠬᠠᠢ ᠠᠪᠢᠶᠠᠰ᠂ ᠭᠠᠶᠢᠬᠠᠮᠰᠢᠬᠳᠤ ᠪᠢᠯᠢᠭ᠂ ᠠᠷᠤᠤᠬᠠᠨ ᠬᠦᠳᠡᠯᠮᠦᠷᠢ ᠪᠠᠷ ᠢᠶᠠᠨ ᠤᠷᠠᠨ ᠵᠤᠬᠢᠶᠠᠯ ᠤᠨ ᠭᠤᠶᠤᠮᠰᠤᠭ ᠲᠤᠮᠤᠭ ᠢ ᠴᠤᠬᠴᠠᠯᠠᠵᠤ᠂ ᠨᠢᠬᠡᠨ ᠦᠶ᠎ᠠ ᠶᠢᠨ ᠱᠤᠪᠬᠤ ᠤᠷᠬᠢᠯ ᠪᠤᠯᠵᠤ ᠮᠤᠩᠭᠤᠯ ᠤᠷᠠᠨ ᠵᠤᠬᠢᠶᠠᠯ ᠤᠨ ᠲᠠᠪᠴᠠᠩ ᠳᠤ ᠰᠦᠨᠳᠡᠷᠯᠡᠭᠰᠡᠨ ᠪᠢᠯᠠ᠃       ᠬᠡᠷᠪᠡ ᠰᠢᠯᠦᠭ ᠪᠦᠳᠦᠬᠡᠯᠬᠡ ᠪᠤᠯ ᠪ᠊ · ᠪᠦᠷᠢᠨᠪᠠᠬᠢ ᠶᠢᠨ ᠠᠮᠢ ᠨᠠᠰᠤᠨ ᠤ ᠬᠢᠨᠢ ᠤᠶᠠᠩᠭ᠎ᠠ ᠶᠢᠨ ᠬᠠᠮᠤᠭ ᠤᠨ ᠭᠤᠶᠢᠳᠠ ᠰᠠᠶᠢᠬᠠᠨ ᠨᠤᠲ ᠬᠡᠵᠤ ᠬᠡᠯᠡᠪᠡᠯ᠂ ᠰᠢᠯᠦᠭ ᠰᠤᠳᠤᠯᠤᠯ᠂ ᠰᠢᠯᠦᠭ ᠵᠦᠢ ᠶᠢᠨ ᠤᠨᠤᠯ ᠤᠨ ᠴᠤᠬᠴᠠᠯᠠᠯ ᠨᠢ ᠲᠡᠬᠦᠨ ᠤ ᠠᠮᠢ ᠨᠠᠰᠤᠨ ᠤ ᠬᠢᠨᠢ ᠤᠶᠠᠩᠭ᠎ᠠ ᠶᠢᠨ ᠬᠠᠮᠤᠭ ᠤᠨ ᠢᠳᠡ ᠬᠦᠴᠦᠳᠠᠢ ᠨᠤᠲ ᠬᠡᠵᠤ ᠬᠡᠯᠡᠵᠤ ᠪᠤᠯᠤᠨ᠎ᠠ᠃ ᠲᠡᠬᠦᠨ ᠤ ᠬᠡᠪᠯᠡᠬᠦᠯᠦᠭᠰᠡᠨ ᠰᠢᠯᠦᠭ ᠵᠦᠢ ᠶᠢᠨ ᠲᠦᠷᠪᠡᠨ ᠲᠤᠮᠤ ᠪᠦᠳᠦᠬᠡᠯ ᠪᠣᠯᠬᠤ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾᠂ ︽ᠮᠤᠩᠭᠤᠯ ᠰᠢᠯᠦᠭ ᠤᠨ ᠭᠤᠸ᠎ᠠ ᠵᠦᠢ ᠶᠢᠨ ᠲᠡᠦᠬᠡᠴᠢᠯᠡᠭᠰᠡᠨ ᠲᠦᠯᠦᠪ︾᠂ ︽ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ ᠵᠦᠢ︾᠂ ︽ᠰᠢᠭᠤᠳ ᠰᠡᠷᠡᠯ ᠤᠨ ᠰᠢᠯᠦᠭ ᠵᠦᠢ︾ ᠵᠡᠷᠬᠡ ᠪᠤᠯ ᠮᠤᠩᠭᠤᠯ ᠰᠢᠯᠦᠭ ᠵᠦᠢ ᠶᠢᠨ ᠲᠤᠬᠳᠠᠯᠴᠠᠭ᠎ᠠ ᠶᠢᠨ ᠰᠠᠭᠤᠷᠢᠯᠠᠬᠴᠢ ᠪᠦᠳᠦᠬᠡᠯ᠂ ᠮᠤᠩᠭᠤᠯ ᠰᠢᠯᠦᠭ ᠵᠦᠢ ᠶᠢᠨ ᠰᠤᠳᠤᠯᠤᠯ ᠤᠨ ᠲᠡᠯᠡᠬᠡᠢ ᠶᠢᠨ ᠬᠠᠮᠤᠭ ᠦᠨᠳᠦᠷ ᠲᠦᠪᠰᠢᠨ ᠤ ᠲᠦᠯᠦᠭᠡᠯᠡᠭᠴᠢ ᠪᠦᠲᠦᠭᠡᠯ ᠪᠣᠯᠬᠤ ᠶᠤᠮ᠃       ᠪ᠊ · ᠪᠦᠷᠢᠨᠪᠠᠬᠢ ᠶᠢᠨ ᠨᠢᠬᠡ ᠨᠠᠰᠤ ᠪᠤᠯ ᠡᠬᠡᠯ ᠵᠢᠷ ᠤᠨ ᠮᠠᠯᠴᠢᠨ ᠬᠦᠦ ᠠᠴᠠ ᠰᠢᠯᠢᠳᠡᠭ ᠰᠡᠬᠡᠬᠡᠳᠡᠨ ᠪᠤᠯᠤᠬᠰᠠᠨ ᠠᠶᠠᠨ᠂ ᠤᠷᠠᠨ ᠵᠣᠬᠢᠶᠠᠯ ᠵᠤᠬᠢᠶᠠᠨ ᠪᠦᠳᠦᠬᠡᠭᠴᠢ ᠠᠴᠠ ᠪᠠᠨ ᠤᠳᠬ᠎ᠠ ᠵᠤᠬᠢᠶᠠᠯ ᠤᠨ ᠠᠪᠤᠷᠭᠤ ᠪᠤᠯᠤᠬᠰᠠᠨ ᠠᠶᠠᠨ᠂ ᠤᠳᠬ᠎ᠠ ᠵᠤᠬᠢᠶᠠᠯ ᠤᠨ ᠰᠢᠬᠦᠮᠵᠢᠯᠡᠭᠴᠢ ᠠᠴᠠ ᠪᠠᠨ ᠰᠢᠯᠭᠠᠷᠠᠬᠰᠠᠨ ᠡᠷᠳᠡᠮᠳᠡᠨ ᠪᠤᠯᠤᠬᠰᠠᠨ ᠠᠶᠠᠨ ᠪᠤᠯᠤᠨ᠎ᠠ᠃ ᠡᠨᠡ ᠪᠤᠯ ᠪ᠊ · ᠪᠦᠷᠢᠨᠪᠠᠬᠢ ᠪᠠᠭᠰᠢᠳᠠᠨ ᠤ ᠪᠦᠬᠦ᠋ᠢᠯᠠ ᠠᠮᠢᠳᠤᠷᠠᠯ ᠤᠨ ᠬᠢᠨᠢ ᠠᠭᠤᠯᠭ᠎ᠠ ᠪᠤᠯᠤᠨ ᠲᠡᠮᠡᠴᠡᠯ ᠤᠨ ᠲᠡᠦᠬᠡ᠃ ᠬᠡᠷ ᠤᠷᠤᠨ ᠤ ᠡᠬᠡᠨᠡᠭᠰᠢᠯ᠂ ᠤᠬᠰᠠᠭ᠎ᠠ ᠦᠨᠳᠦᠰᠦᠳᠡᠨ ᠤ ᠬᠠᠯᠠᠮᠵᠢᠯᠠᠯ᠂ ᠤᠯᠤᠰ ᠭᠦᠷᠦᠨ ᠤ ᠲᠡᠬᠡᠳᠦᠯᠡᠯ ᠪᠤᠯ ᠲᠡᠬᠦᠨ ᠤ ᠨᠠᠰᠤᠨ ᠲᠤᠷᠰᠢᠳᠠ ᠶᠢᠨ ᠬᠦᠰᠡᠯ ᠬᠦᠬᠡᠬᠡᠴᠡᠯᠳᠦᠯ ᠪᠠ ᠠᠷᠤᠤᠬᠠᠨ ᠮᠦᠷᠦᠬᠡᠳᠦᠯ ᠪᠤᠯᠬᠤ ᠶᠤᠮ᠃       ᠶᠡᠭᠡ ᠪᠠᠭᠰᠢᠳᠠᠨ ᠤ ᠠᠮᠢᠳᠦᠷᠠᠯ ᠲᠠᠮᠠᠴᠠᠯ ᠤᠨ ᠨᠢᠬᠡ ᠨᠠᠰᠤ ᠶᠢ ᠡᠷᠭᠢᠴᠡᠭᠦᠯᠪᠡᠰᠦ᠂ ᠲᠡᠭᠦᠨ ᠤ ᠰᠤᠳᠤᠨ ᠪᠦᠳᠦᠬᠡᠯ ᠤᠨ ᠤᠬᠠᠮᠰᠠᠷ᠂ ᠤᠷᠤᠬᠰᠢᠯᠨᠨ ᠰᠢᠨᠡᠴᠢᠯᠡᠬᠦ ᠵᠤᠷᠢᠭ ᠰᠠᠨᠠᠭ᠎ᠠ᠂ ᠨᠢᠬᠳᠡ ᠴᠢᠩᠭ᠎ᠠ ᠤᠪᠤᠷ ᠰᠤᠷᠳᠠᠯ᠂ ᠠᠷᠤᠤᠬᠠᠨ ᠪᠤᠯᠤᠷ ᠬᠦᠮᠦᠨ ᠮᠦᠰᠤ᠂ ᠦᠨᠡᠨᠴᠢ ᠰᠢᠳᠤᠷᠭᠤ ᠬᠠᠶᠢᠷ᠎ᠠ ᠰᠡᠳᠬᠢᠯᠬᠡ ᠳᠤ ᠨᠢ ᠲᠡᠰᠭᠡᠯ ᠦᠭᠡᠢ ᠰᠡᠳᠭᠢᠯ ᠤᠶᠠᠷᠠᠮᠤᠢ᠃ ᠲᠡᠷᠡ ᠪᠠᠷ ᠨᠢᠭᠡ ᠨᠠᠰᠤᠨ ᠤ ᠬᠦᠴᠦ ᠬᠦᠳᠡᠯᠮᠦᠷᠢ ᠬᠢᠭᠡᠳ ᠣᠶᠤᠨ ᠤᠬᠠᠭᠠᠨ ᠢᠶᠠᠷ ᠢᠶᠠᠨ ᠦᠶ᠎ᠡ ᠤᠯᠠᠷᠢᠨ ᠳᠠᠮᠵᠢᠬᠤ ᠰᠣᠳᠣᠨ ᠪᠦᠲᠦᠭᠡᠯ ᠢ ᠵᠣᠬᠢᠶᠠᠵᠤ᠂ ᠲᠦᠷᠦᠵᠦ ᠥᠰᠦᠭᠰᠡᠨ ᠨᠤᠲᠤᠭ ᠣᠷᠣᠨ ᠳᠠᠭᠠᠨ ᠬᠠᠷᠢᠭᠤ ᠪᠣᠯᠭᠠᠵᠤ᠂ ᠡᠬᠡ ᠤᠯᠤᠰ ᠬᠢᠭᠡᠳ ᠠᠷᠠᠳ ᠲᠦᠮᠡᠨ ᠳᠡᠭᠡᠨ ᠥᠪᠡᠷ ᠤᠨ ᠵᠢᠳᠭᠦᠯ ᠢᠶᠠᠨ ᠡᠷᠭᠦᠭᠰᠡᠨ ᠪᠠᠶᠢᠨ᠎ᠠ᠃      ᠪ᠊ · ᠪᠦᠷᠢᠨᠪᠠᠬᠢ ᠪᠣᠯ ᠰᠢᠯᠦᠭᠴᠢ ᠶᠢᠨ ᠳᠣᠲᠤᠷᠠᠬᠢ ᠰᠢᠯᠭᠠᠷᠠᠭᠰᠠᠨ ᠡᠷᠳᠡᠮᠲᠡᠨ᠂ ᠡᠷᠳᠡᠮᠲᠡᠨ ᠤ ᠳᠣᠲᠤᠷᠠᠬᠢ ᠰᠢᠯᠭᠠᠷᠠᠭᠰᠠᠨ ᠰᠢᠯᠦᠭᠴᠢ ᠮᠦᠨ᠃                         ᠡᠬᠡ ᠭᠠᠵᠠᠷ                                ● ᠠᠷᠲᠠᠢ      ᠳᠤᠮᠳᠡᠳᠤ ᠤᠯᠤᠰ ᠤᠨ ᠤᠳᠤ ᠦᠶ᠎ᠡ ᠶᠢᠨ ᠮᠤᠩᠭᠤᠯ ᠤᠷᠠᠨ ᠵᠤᠬᠢᠶᠠᠯ ᠤᠨ ᠦᠨᠳᠦᠰᠦᠯᠡᠭᠴᠢ ᠶᠢᠨ ᠨᠢᠭᠡ᠂ ᠠᠷᠠᠳ ᠤᠨ ᠶᠡᠭᠡ ᠰᠢᠯᠦᠭᠴᠢ᠂ ᠠᠯᠳᠠᠷᠲᠤ ᠡᠷᠳᠡᠮᠲᠡᠨ᠂ ᠭᠠᠪᠢᠶᠠᠲᠤ ᠰᠤᠷᠭᠠᠨ ᠬᠦᠮᠦᠵᠢᠭᠦᠯᠦᠭᠴᠢ᠂ ᠮᠤᠩᠭᠤᠯ ᠰᠤᠶᠤᠯ ᠤᠨ ᠲᠤᠮᠤ ᠵᠢᠳᠭᠦᠯᠲᠡᠨ ᠪᠦᠷᠢᠨᠪᠠᠬᠢ ᠪᠠᠭᠰᠢ ᠶᠢᠨ ᠮᠡᠨᠳᠦᠯᠡᠭᠰᠡᠨ 90 ᠵᠢᠯ ᠤᠨ ᠤᠢ ᠶᠢ ᠦᠨᠦᠳᠦᠷ ᠳᠤᠷᠠᠰᠬᠠᠵᠤ ᠪᠠᠶᠢᠬᠤ ᠳᠤ ᠮᠢᠨᠤ ᠰᠡᠳᠭᠢᠯ ᠲᠦᠢᠯ ᠢᠶᠠᠷ ᠬᠦᠭᠰᠡᠨ ᠳᠤᠭᠳᠤᠯᠵᠤ ᠪᠠᠶᠢᠨ᠎ᠠ᠃       ᠪᠢ᠂ ︽ᠦᠪᠦᠷ ᠮᠤᠩᠭᠤᠯ ᠤᠨ ᠤᠷᠠᠨ ᠵᠤᠬᠢᠶᠠᠯ ᠤᠨ ᠠᠭᠤᠳᠠᠮ ᠲᠠᠯ᠎ᠠ ᠳᠤ ᠨᠠ᠊ · ᠰᠠᠶᠢᠨᠴᠤᠭᠲᠤ᠂ ᠪ᠊ · ᠪᠦᠷᠢᠨᠪᠠᠬᠢ ᠭᠡᠳᠡᠭ ᠬᠤᠶᠠᠷ ᠶᠡᠭᠡ ᠠᠭᠤᠯᠠ ᠰᠦᠨᠳᠡᠷᠯᠡᠵᠦ ᠪᠠᠶᠢᠳᠠᠭ ᠶᠤᠮ︾ ᠭᠡᠵᠦ ᠠᠳᠠᠯᠢ ᠪᠤᠰᠤ ᠲᠠᠯᠠᠪᠤᠷ ᠲᠤ ᠤᠯᠠᠨ ᠤᠳᠠᠭ᠎ᠠ ᠶᠠᠷᠢᠵᠤ ᠪᠠᠶᠢᠭᠰᠠᠨ᠃ ᠪᠢ ᠡᠨᠡ ᠦᠵᠡᠯᠲᠡ ᠪᠠᠨ ᠪᠠᠷᠢᠮᠲᠠᠯᠠᠨ᠎ᠠ᠃ ᠪᠢ ᠪᠤᠯᠤᠨ ᠮᠢᠨᠤ ᠦᠶ᠎ᠡ ᠶᠢᠨ ᠨᠠᠶᠢᠷᠠᠭᠴᠢᠳ ᠡᠨᠡ ᠬᠤᠶᠠᠷ ᠶᠡᠭᠡ ᠠᠭᠤᠯᠠ ᠶᠢᠨ ᠨᠦᠮᠦᠷᠢ ᠳᠤ ᠲᠤᠷᠨᠢᠵᠤ ᠦᠰᠦᠭᠰᠡᠨ᠃ ᠡᠨᠡ ᠶᠡᠭᠡ ᠪᠢᠯᠢᠭ ᠤᠨ ᠠᠭᠤᠯᠠ ᠮᠢᠨᠤ ᠨᠢᠯᠬ᠎ᠠ ᠪᠠᠭ᠎ᠠ ᠤᠶᠤᠨ ᠳᠤ ᠤᠷᠠᠯᠢᠭ ᠤᠨ ᠰᠢᠳᠢ ᠶᠢᠨ ᠭᠠᠶᠢᠬᠠᠮᠰᠢᠭᠲᠤ ᠲᠤᠶᠠᠭ᠎ᠠ ᠶᠢ ᠠᠩᠬ᠎ᠠ ᠰᠠᠴᠤᠵᠤ᠂ ᠢᠷᠠᠭᠤ ᠨᠠᠶᠢᠷᠠᠭ ᠤᠨ ᠠᠩᠬᠠᠨ ᠤ ᠪᠠᠷᠲᠠᠭᠠᠨ ᠳᠤ ᠬᠦᠳᠡᠭᠡ ᠶᠢᠨ ᠪᠤᠷᠤ ᠬᠦᠦ ᠨᠠᠮ᠎ᠠ ᠶᠢ ᠬᠦᠲᠦᠯᠦᠭᠰᠡᠨ ᠶᠤᠮ᠃       ᠦᠨᠦᠳᠦᠷ ᠪᠢ ᠳᠠᠯᠠᠨ ᠨᠠᠰᠤᠨ ᠤ ᠳᠠᠪᠠᠭᠠᠨ ᠳᠡᠭᠡᠷ᠎ᠡ ᠠᠴᠠ ᠡᠷᠭᠢᠨ ᠬᠠᠷᠠᠬᠤ ᠳᠤ ᠤᠷᠢᠳᠤ ᠶᠢᠨ ᠲᠤᠬᠠᠢ ᠳᠤᠷᠠᠳᠬᠠᠯ ᠤᠳ ᠤᠰᠤᠨ ᠤ ᠳᠤᠯᠭᠢᠶ᠎ᠠ ᠰᠢᠭ᠋ ᠮᠢᠨᠤ ᠦᠭᠡᠳᠡ ᠠᠴᠠ ᠳᠠᠪᠠᠷᠠᠵᠤ ᠢᠷᠡᠨ᠎ᠡ᠃ ᠲᠠᠪᠢᠭᠠᠳ ᠤᠨ ᠤ ᠰᠡᠭᠦᠯᠴᠢ ᠠᠴᠠ ᠪᠢ ᠪᠦᠷᠢᠨᠪᠠᠬᠢ ᠪᠠᠭᠰᠢ ᠶᠢᠨ ︽ᠰᠡᠳᠭᠢᠯ ᠪᠠ ᠰᠦ︾᠂ ︽ᠰᠠᠶᠢᠨ ᠢᠷᠡᠪᠡ ᠦᠦ︖ ᠬᠠᠪᠤᠷ ᠡ︾ ᠵᠡᠷᠭᠡ ᠭᠠᠶᠢᠬᠠᠮᠰᠢᠭᠲᠤ ᠪᠦᠲᠦᠭᠡᠯ ᠤᠳ ᠲᠠᠢ ᠲᠠᠨᠢᠯᠴᠠᠵᠤ ᠡᠬᠢᠯᠡᠭᠰᠡᠨ ᠶᠤᠮ᠃ ᠰᠡᠭᠦᠯᠡᠷ ᠨᠢ ︽ᠰᠠᠨᠠᠭ᠎ᠠ ᠪᠠᠷ ᠢᠶᠠᠨ ᠳᠤᠪᠲᠤᠯ ᠳ᠋ᠠ᠂ ᠲᠡᠷᠭᠡ ᠮᠢᠨᠢ︾᠂ ︽ᠭᠠᠷᠤᠳᠢ ᠭᠠᠯᠪᠢᠩᠭ᠎ᠠ︾᠂ ︽ᠠᠮᠢᠯᠠᠯ ᠤᠨ ᠪᠡᠯᠭᠡᠲᠤ ᠴᠡᠴᠡᠭ︾᠂ ︽ᠨᠠᠷᠠᠨ ᠭᠡᠷᠡᠯ ᠤᠨ ᠬᠡᠦᠬᠡᠳ︾ ᠭᠡᠬᠦ ᠮᠡᠲᠦ ᠶᠢᠨ ᠲᠤᠬᠠᠢ ᠶᠢᠨ ᠦᠶ᠎ᠡ ᠶᠢᠨ ᠦᠪᠦᠷ ᠮᠤᠩᠭᠤᠯ ᠤᠨ ᠤᠷᠠᠯᠢᠭ ᠤᠨ ᠲᠦᠪᠰᠢᠨ᠂ ᠢᠷᠠᠭᠤ ᠨᠠᠶᠢᠷᠠᠭ ᠤᠨ ᠲᠦᠪᠰᠢᠨ ᠢ ᠬᠠᠷᠠᠭᠤᠯᠤᠭᠰᠠᠨ ᠭᠠᠶᠢᠬᠠᠮᠰᠢᠭᠲᠤ ᠦᠨᠳᠦᠷ ᠤᠷᠭᠢᠯ ᠤᠳ ᠤᠨ ᠪᠠᠷ᠎ᠠ ᠶᠢ ᠤᠯᠵᠤ ᠬᠠᠷᠠᠭᠰᠠᠨ ᠶᠤᠮ᠃      ᠡᠨᠡ ᠬᠦᠮᠦᠨ ᠲᠠᠢ ᠨᠢᠭᠡ ᠠᠭᠤᠯᠵᠠᠬᠤ ᠶᠤᠮ ᠰᠠᠨ ᠭᠡᠵᠦ ᠮᠠᠰᠢᠳᠠ ᠬᠦᠰᠡᠳᠡᠭ ᠪᠠᠶᠢᠭᠰᠠᠨ ᠶᠤᠮ᠃ ᠮᠢᠨᠤ ᠡᠨᠡ ᠬᠦᠰᠡᠯ ᠤᠳᠤ ᠠᠴᠠ ᠲᠦᠴᠢᠨ ᠵᠢᠷᠭᠤᠭᠠᠨ ᠵᠢᠯ ᠤᠨ ᠡᠮᠦᠨ᠎ᠡ ᠪᠡᠶᠡᠯᠡᠭᠳᠡᠭᠰᠡᠨ ᠰᠠᠨ᠃ 1972 ᠤᠨ ᠤ ᠡᠪᠦᠯ ᠬᠦᠬᠡᠬᠤᠳᠠ ᠶᠢᠨ ︽ᠦᠨᠳᠦᠰᠦᠳᠡᠨ ᠤ ᠪᠠᠭᠤᠳᠠᠯ︾᠎ ᠳᠤ ᠦᠪᠦᠷ ᠮᠤᠩᠭᠤᠯ ᠤᠨ ᠤᠷᠠᠨ ᠵᠤᠬᠢᠶᠠᠯ ᠤᠨ ᠰᠤᠷᠤᠯᠴᠠᠬᠤ ᠠᠩᠭᠢ ᠶᠢ ᠡᠷᠬᠢᠯᠡᠭᠰᠡᠨ᠃ ᠠᠵᠠ ᠪᠠᠷ ᠡᠨᠡ ᠰᠤᠷᠤᠯᠴᠠᠬᠤ ᠠᠩᠭᠢ ᠳᠤ ᠪᠦᠷᠢᠨᠪᠠᠬᠢ ᠪᠠᠭᠰᠢ ᠮᠠᠨᠢ ᠭᠡᠶᠢᠭᠦᠯᠦᠨ ᠰᠠᠭᠠᠳᠠᠭᠰᠠᠨ ᠶᠤᠮ᠃ ᠪᠢ ᠪᠦ᠊ ᠪᠠᠭᠰᠢ ᠠᠴᠠ ᠰᠢᠯᠦᠭ ᠶᠠᠭᠠᠬᠢᠵᠤ ᠪᠢᠴᠢᠬᠦ ᠲᠤᠬᠠᠢ ᠠᠰᠠᠭᠤᠬᠤ ᠳᠤ ᠪᠠᠭᠰᠢ ᠮᠢᠨᠢ ᠨᠠᠳᠠ ᠳᠤ᠄ ︽ᠨᠢᠭᠡᠳᠦᠭᠡᠷ ᠲᠤ᠂ ᠨᠤᠮ ᠰᠠᠶᠢᠨ ᠤᠩᠰᠢ︔ ᠬᠤᠶᠠᠳᠤᠭᠠᠷ ᠲᠤ᠂ ᠠᠷᠠᠳ ᠤᠨ ᠦᠭᠡ ᠶᠢ ᠰᠠᠶᠢᠨ ᠰᠤᠷ᠂ ᠦᠭᠡ ᠶᠢ ᠰᠢᠯᠢᠵᠤ ︵ᠰᠢᠷᠭᠠᠭᠠᠵᠤ︶ ᠰᠤᠷ︾ ᠭᠡᠵᠦ ᠰᠤᠷᠭᠠᠭᠰᠠᠨ᠃ ᠨᠠᠶᠠᠭᠠᠳ ᠤᠨ ᠤ ᠡᠬᠢ ᠪᠠᠷ ᠬᠤᠸᠠᠪᠸᠢ ᠤᠷᠤᠨ ᠤ ᠵᠤᠬᠢᠶᠠᠯᠴᠢᠳ ᠤᠨ ᠰᠤᠷᠤᠯᠴᠠᠬᠤ ᠠᠩᠭᠢ ᠶᠢ ᠲᠠᠶᠢᠶᠤᠸᠠᠨ ᠳᠤ ᠡᠷᠬᠢᠯᠡᠬᠦ ᠳᠤ ᠪᠢ ᠮᠦᠨ ᠪᠦᠷᠢᠨᠪᠠᠬᠢ ᠪᠠᠭᠰᠢ ᠲᠠᠢ ᠬᠠᠮᠳᠤ ᠡᠨᠡ ᠰᠤᠷᠤᠯᠴᠠᠬᠤ ᠠᠩᠬᠢ ᠳᠤ ᠤᠴᠢᠬᠰᠠᠨ ᠶᠤᠮ᠃ ᠲᠡᠬᠡᠬᠡᠳ ᠪᠦ᠊ ᠪᠠᠭᠰᠢ᠄ ︽ᠴᠢ ︿ᠦᠨᠢᠷ ᠴᠡᠴᠡᠭ﹀ ᠰᠡᠳᠭᠦᠯ ᠳᠤ ᠪᠠᠶᠢᠭ᠎ᠠ ᠬᠦᠮᠦᠨ᠂ ᠤᠳᠤ ᠮᠠᠨ ᠤ ᠦᠪᠦᠷ ᠮᠤᠩᠭᠤᠯ ᠤᠨ ᠶᠡᠭᠡ ᠰᠤᠷᠭᠠᠭᠤᠯᠢ ᠠᠴᠠ ᠶᠠᠭᠤᠮ᠎ᠠ ᠪᠢᠴᠢᠳᠡᠭ ᠵᠠᠯᠠᠭᠤᠰ ᠶᠡᠭᠡ ᠤᠯᠠᠨ ᠭᠠᠷᠴᠤ ᠪᠠᠶᠢᠨ᠎ᠠ ᠰᠢᠦ᠂ ᠲᠡᠳᠡᠨᠦᠰ ᠢᠶᠠᠨ ᠰᠠᠶᠢᠨ ᠳᠡᠮᠵᠢᠭᠡᠷᠡᠢ︾ ᠭᠡᠵᠦ ᠨᠠᠳᠠ ᠵᠢᠭᠠᠪᠤᠷᠢᠯᠠᠵᠤ ᠪᠠᠶᠢᠭᠰᠠᠨ ᠶᠤᠮ᠃ ᠠᠩᠬᠠᠳᠤᠭᠠᠷ ᠤᠳᠠᠭᠠᠨ ᠤ ︽ᠨᠠᠢᠮᠠᠨ ᠰᠢᠷᠭ᠎ᠠ︾ ᠤᠷᠤᠯᠳᠤᠭᠠᠨ ᠤ ᠡᠴᠦᠰ ᠤᠨ ᠰᠢᠯᠭᠠᠷᠠᠭᠤᠯᠤᠯᠲᠠ ᠳᠤ ᠬᠢᠨᠠᠬᠤ ᠵᠦᠪᠯᠡᠯ ᠤᠨ ᠡᠷᠬᠢᠯᠡᠭᠴᠢ ᠪᠠᠷ ᠤᠷᠤᠯᠴᠠᠬᠰᠠᠨ ᠪᠦ᠊ ᠪᠠᠭᠰᠢ ᠲᠡᠷᠡ ᠤᠳᠠᠭ᠎ᠠ ︽ᠦᠬᠢᠨ ᠵᠠᠶᠠᠭᠠᠨ ᠤ ᠲᠤᠤᠯᠢ︾ ᠭᠡᠳᠡᠭ ᠰᠢᠯᠦᠭ ᠢ ᠮᠠᠨᠢ ᠦᠵᠡᠭᠡᠳ ᠮᠠᠰᠢ ᠶᠡᠭᠡ ᠪᠠᠶᠠᠷᠯᠠᠵᠠᠢ᠃ ︽ᠡᠨᠡ ᠰᠢᠯᠦᠭ ᠰᠠᠶᠢᠨ ᠰᠢᠯᠦᠭ᠂ ᠳᠠᠪᠠᠭᠤ ᠪᠢᠴᠢᠵᠠᠢ︕︾ ᠭᠡᠵᠦ ᠰᠡᠳᠬᠢᠯ ᠬᠦᠪᠬᠦᠯᠵᠡᠵᠦ ᠪᠠᠶᠢᠭᠰᠠᠨ᠃ ᠵᠢᠩᠬᠢᠨᠢ ᠨᠠᠶᠢᠷᠠᠭᠴᠢ ᠬᠦᠮᠦᠨ ᠤ ᠰᠡᠳᠭᠢᠯ ᠭᠡᠵᠦ ᠡᠶᠢᠮᠦ ᠯᠠ ᠴᠡᠪᠡᠷ ᠪᠠᠶᠢᠳᠠᠭ᠃ ᠲᠤᠰ ᠪᠦᠳᠦᠬᠡᠯ ᠨᠢᠭᠡᠳᠦᠭᠡᠷ ᠳᠡᠰ ᠤᠨ ᠱᠠᠩᠨᠠᠯ ᠬᠦᠷᠳᠡᠭᠰᠡᠨ᠃ ᠪᠦᠷᠢᠨᠪᠠᠬᠢ ᠪᠠᠭᠰᠢ ᠵᠠᠯᠭᠠᠮᠵᠢ ᠬᠤᠶᠢᠴᠢ ᠦᠶ᠎ᠡ ᠪᠠᠨ ᠡᠬᠡ ᠭᠠᠵᠠᠷ ᠰᠢᠭ᠋ ᠢᠩᠬᠢᠵᠤ ᠡᠩᠬᠦᠷᠡᠶᠢᠯᠡᠵᠦ ᠲᠤᠷᠨᠢᠭᠤᠯᠳᠠᠭ ᠬᠦᠮᠦᠨ ᠪᠠᠶᠢᠯ᠎ᠠ᠃       ᠪ᠊ · ᠪᠦᠷᠢᠨᠪᠠᠬᠢ ᠪᠠᠭᠰᠢᠳᠠᠨ ᠤ ᠭᠠᠶᠢᠬᠠᠮᠰᠢᠭᠳᠤ ᠤᠷᠠᠨ ᠪᠦᠳᠦᠭᠡᠯ ᠮᠤᠩᠭᠤᠯ ᠠᠷᠠᠳ ᠲᠦᠮᠡᠨ ᠤ ᠪᠠᠨ ᠰᠡᠳᠭᠢᠯ ᠳᠤ ᠵᠢᠩ ᠲᠠᠢ ᠪᠠᠭᠤᠵᠤ᠂ ᠬᠡᠳᠦᠨ ᠦᠶ᠎ᠡ ᠶᠢᠨ ᠨᠠᠶᠢᠷᠠᠭᠴᠢᠳ ᠢ ᠢᠪᠡᠭᠡᠨ ᠰᠤᠶᠤᠷᠬᠠᠵᠤ᠂ ᠮᠤᠩᠭᠤᠯ ᠨᠠᠶᠢᠷᠠᠭ ᠤᠨ ᠲᠦᠪᠰᠢᠨ ᠢ ᠳᠡᠯᠡᠬᠡᠢ ᠶᠢᠨ ᠳᠡᠪᠵᠢᠶᠡᠨ ᠳᠤ ᠠᠬᠢᠭᠤᠯᠤᠭᠰᠠᠨ ᠶᠤᠮ᠃ ᠪ᠊ · ᠪᠦᠷᠢᠨᠪᠠᠬᠢ ᠪᠠᠭᠰᠢᠳᠠᠨ ᠤ ᠭᠠᠶᠢᠬᠠᠮᠰᠢᠭᠳᠤ ᠢᠷᠠᠭᠤ ᠨᠠᠶᠢᠷᠠᠭ᠂ ᠡᠷᠳᠡᠮ ᠰᠢᠨᠵᠢᠯᠡᠭᠡᠨ ᠤ ᠪᠦᠳᠦᠭᠡᠯ ᠮᠤᠩᠭᠤᠯ ᠰᠤᠶᠤᠯ ᠤᠨ ᠡᠷᠳᠡᠨᠢᠰ ᠤᠨ ᠰᠠᠩ ᠳᠤ ᠤᠶᠤᠨ ᠰᠠᠨᠠᠭᠠᠨ ᠤ ᠦᠨᠡᠳᠦ ᠬᠦᠷᠦᠩᠭᠡ ᠪᠤᠯᠬᠤ ᠨᠢ ᠭᠠᠷᠴᠠᠭ᠎ᠠ ᠦᠭᠡᠢ ᠶᠤᠮ︕                     ᠪ᠊ · ᠪᠦᠷᠢᠨᠪᠠᠬᠢ ᠪᠠᠭᠰᠢ ᠶᠢᠨ ᠬᠡᠬᠡᠨ ᠳᠤ ᠡᠷᠬᠦᠬᠦ ᠲᠤᠷᠠᠰᠤᠮᠵᠢ                                                  ● ᠯᠢᠭᠳᠡᠨ      ᠤᠢᠢᠷ᠎ᠠ᠂ ᠤᠳᠤ ᠦᠶ᠎ᠠ ᠶᠢᠨ ᠮᠤᠩᠭᠤᠯ ᠤᠷᠠᠨ ᠵᠤᠬᠢᠶᠠᠯ ᠤᠨ ᠲᠠᠪᠴᠠᠩ ᠳᠤ᠂ ᠳ᠋᠊ · ᠨᠠᠴᠤᠬᠳᠤᠷᠵᠢ᠂ ᠰ᠊ · ᠪᠤᠶᠠᠨᠨᠡᠮᠡᠬᠦ᠂ ᠴ᠊ · ᠲᠡᠮᠳᠢᠨᠰᠦ᠋ᠷᠦᠩ᠂ ᠪ᠊ · ᠷᠢᠨᠴᠢᠨ ᠁ ᠠᠴᠠ ᠠᠪᠤᠭᠠᠳ ᠨᠠ᠊ · ᠰᠠᠶᠢᠨᠴᠤᠬᠳᠤ᠂ ᠪ᠊ · ᠪᠦᠷᠢᠨᠪᠠᠬᠢ᠂ ᠠ᠊ · ᠤᠳᠽᠠᠷ᠂ ᠬᠡᠷᠡᠯᠴᠤᠬᠳᠤ ᠬᠡᠳ ᠡᠬᠢᠯᠡᠳᠡᠭ ᠠᠭᠤᠤ ᠶᠡᠭᠡ ᠪᠤᠷᠬᠠᠨ ᠪᠠᠭᠰᠢ ᠲᠠᠢ ᠪᠠᠶᠢᠯ᠎ᠠ᠃ ᠲᠡᠳᠡᠨ ᠤ ᠮᠤᠩᠭᠤᠯ ᠤᠳᠬ᠎ᠠ ᠵᠤᠬᠢᠶᠠᠯ ᠳᠤ ᠪᠠᠨ ᠰᠠᠴᠤᠷᠠᠭᠠᠬᠰᠠᠨ ᠠᠯᠳᠠᠨ ᠬᠡᠷᠡᠯ ᠮᠢᠨᠦ ᠲᠠᠷᠢᠬᠢᠨ ᠤ ᠬᠠᠷᠠᠩᠭᠤᠢ ᠬᠠᠳᠠᠭᠤ ᠬᠠᠯᠢᠰᠤ ᠶᠢ ᠨᠡᠪᠳᠠᠯᠵᠤ ᠲᠤᠰᠤᠬᠰᠠᠨ ᠤ ᠠᠴᠢ ᠪᠠᠷ ᠪᠢ ᠤᠷᠠᠨ ᠵᠤᠬᠢᠶᠠᠯ ᠤᠨ ᠶᠡᠭᠡ ᠴᠡᠷᠢᠭ ᠲᠤ ᠲᠡᠭᠳᠡᠯᠵᠠᠨ ᠪᠠᠶᠢᠵᠤ ᠨᠡᠷ᠎ᠡ ᠮᠡᠳᠡᠬᠦᠯᠦᠭᠰᠠᠨ ᠶᠤᠮ᠃ ᠪᠢ ᠪᠤᠯ ᠨᠢᠬᠡ ᠱᠠᠪᠢ ᠪᠠᠶᠢᠯᠳᠤᠬᠴᠢ᠃       ᠪᠢ 1964 ᠤᠨ ᠳᠤ ︽ᠦᠪᠤᠷ ᠮᠤᠩᠭᠤᠯ ᠤᠨ ᠶᠡᠭᠡ ᠰᠤᠷᠭᠠᠭᠤᠯᠢ︾᠎ ᠳᠤ ᠡᠯᠰᠡᠭᠳᠡᠵᠤ᠂ ᠪ᠊ · ᠪᠦᠷᠢᠨᠪᠠᠬᠢ ᠪᠠᠭᠰᠢ ᠲᠠᠢ ᠪᠠᠷᠠᠳᠠᠭᠠᠳ ᠵᠠᠰᠠᠭ ᠤᠨ ᠪᠤᠶᠤ ᠵᠠᠶᠠᠭᠠᠨ ᠤ ᠱᠤᠭᠤᠮ ᠢᠶᠠᠷ ᠠᠶᠠᠨᠳᠠᠭᠠᠨ ᠱᠠᠪᠢ ᠤᠷᠤᠵᠤ ᠤᠮᠳᠠᠭᠠᠰᠬᠤ ᠮᠡᠳᠤ ᠬᠦᠰᠡᠳᠡᠭ ᠪᠠᠶᠢᠬᠰᠠᠨ ᠤᠷᠠᠨ ᠵᠤᠬᠢᠶᠠᠯ ᠤᠨ ᠨᠤᠮ ᠬᠦᠷᠳᠡᠬᠦ ᠵᠠᠪᠰᠢᠶᠠᠨ ᠲᠠᠢ ᠪᠤᠯᠤᠬᠰᠠᠨ ᠶᠤᠮ᠃ ᠲᠡᠷᠡ ᠵᠢᠯ ᠪᠦ᠊ ᠪᠠᠭᠰᠢ 36᠎ ᠲᠠᠢ ᠪᠠᠶᠢᠯ᠎ᠠ᠃ ᠪᠠᠭᠰᠢ ᠶᠢᠨ ᠦᠬᠡ ᠶᠠᠷᠢᠶ᠎ᠠ᠂ ᠤᠷᠮ᠎ᠠ ᠰᠡᠳᠬᠢᠯᠬᠡ ᠪᠡ ᠡᠶᠡᠯᠳᠡᠭ ᠬᠠᠯᠠᠭᠤᠮᠰᠤᠭ ᠵᠠᠩ ᠠᠭᠠᠯᠢ ᠶᠢᠨ ᠬᠢᠨᠢ ᠢᠯᠡᠷᠡᠯ ᠪᠠᠶᠢᠳᠠᠯ ᠠᠴᠠ ᠬᠦᠨ ᠪᠤᠯᠪᠠᠰᠤᠷᠠᠯ ᠲᠠᠢ᠂ ᠭᠠᠶᠢᠬᠠᠮᠰᠢᠬᠳᠤ ᠦᠬᠦᠯᠡᠪᠦᠷᠢ ᠶᠢᠨ ᠬᠢᠨᠢ ᠤᠷᠠᠨ ᠨᠠᠷᠢᠨ ᠰᠡᠳᠬᠢᠮᠵᠢ ᠠᠴᠠ ᠬᠦᠨ ᠪᠢᠰᠢᠯᠭᠠᠯ ᠲᠠᠢ ᠬᠡᠳᠡᠭ ᠨᠢ ᠮᠡᠳᠡᠭᠳᠡᠨ᠎ᠡ᠃       ᠪᠦᠷᠢᠨᠪᠠᠬᠢ ᠪᠠᠭᠰᠢ ︽ᠬᠦᠮᠦᠨ ᠤ ᠰᠡᠳᠬᠢᠯ ᠢ ᠬᠦᠳᠡᠯᠬᠡᠨ ᠡᠰᠡ ᠴᠢᠳᠠᠪᠠᠰᠤ᠂ ᠬᠦᠩᠬᠡᠨ ᠪᠢᠷ ᠢ ᠬᠦᠰᠢᠵᠤ ᠶᠠᠭᠤ ᠬᠢᠮᠤᠢ︾ ᠬᠡᠳᠡᠭ ᠢᠨᠵᠠᠨᠨᠠᠰᠢ ᠶᠢᠨ ᠪᠠᠷᠢᠮᠵᠢᠶ᠎ᠠ ᠪᠠᠷ ᠦᠪᠡᠷ ᠤᠨ ᠪᠦᠳᠦᠭᠡᠯ ᠢᠶᠠᠨ ᠱᠠᠭᠠᠷᠳᠠᠳᠠᠭ᠃ ᠲᠡᠷᠡ ᠮᠤᠩᠭᠤᠯ ᠤᠯᠠᠮᠵᠢᠯᠡᠯ ᠢᠶᠠᠨ ᠠᠷᠠᠳ ᠤᠨ ᠲᠠᠭᠤᠤ ᠪᠠᠷ ᠠᠮᠵᠢᠯᠳᠠᠳᠠᠢ ᠵᠠᠯᠭᠠᠮᠵᠢᠯᠠᠬᠰᠠᠨ ᠢᠶᠠᠷ ᠪᠠᠷᠠᠬᠤ ᠦᠬᠡᠢ᠂ ᠲᠤᠷᠤᠨᠠᠳᠤ ᠶᠢᠨ ᠬᠦᠨ ᠤᠬᠠᠭᠠᠨ ᠤ ᠤᠬᠢ ᠱᠦᠯᠳᠤ ᠶᠢ ᠠᠮᠢᠳᠤᠯᠢᠭ ᠢᠶᠠᠷ ᠰᠢᠩᠬᠡᠬᠡᠵᠤ ᠠᠪᠤᠬᠰᠠᠨ ᠢᠶᠠᠷ ᠢᠶᠠᠨ ᠤᠨᠴᠠᠭᠠᠢ ᠪᠠᠶᠢᠪᠠ᠃ ᠲᠠᠶᠢᠮᠦ ᠠᠴᠠ ᠲᠡᠬᠦᠨ ᠢ ᠠᠷᠠᠳ ᠲᠦᠮᠡᠨ ᠤ ᠰᠢᠯᠦᠭᠴᠢ ᠬᠡᠳᠡᠭ᠃       ᠲᠡᠷᠡ ᠪᠤᠯ ᠬᠤᠤᠰ ᠤᠷᠬᠢᠯ ᠤᠨ ᠡᠵᠠᠡ — ᠰᠢᠯᠭᠠᠷᠠᠬᠰᠠᠨ ᠰᠢᠯᠦᠭᠴᠢᠨ ᠪᠦᠬᠡᠳ ᠨᠠᠷᠠᠳᠤ ᠡᠷᠳᠡᠮᠳᠡᠨ᠃ ᠨᠠᠶᠠᠭᠠᠳ ᠤᠨ ᠠᠴᠠ ᠬᠤᠶᠢᠰᠢ ᠮᠤᠩᠭᠤᠯ ᠰᠢᠯᠦᠭ ᠵᠦᠢ ᠶᠢᠨ ᠤᠬᠠᠭᠠᠨ ᠤ ᠲᠤᠳᠤᠭᠠᠳᠤ ᠤᠷᠳᠤᠨ ᠳᠤ ᠬᠦᠨᠵᠡᠬᠡᠶᠢᠷᠡᠵᠤ᠂ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾᠂ ︽ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ ᠵᠦᠢ︾᠂ ︽ᠵᠦᠩ ᠮᠡᠳᠡᠷᠡᠬᠦᠢ ᠰᠢᠯᠦᠭ ᠵᠦᠢ︾ ᠵᠡᠷᠬᠡ ᠪᠦᠳᠦᠬᠡᠯ ᠢᠶᠠᠷ ᠢᠶᠠᠨ ᠪᠠᠰᠠ ᠨᠢᠬᠡᠨ ᠤᠷᠬᠢᠯ ᠳᠤ ᠭᠠᠷᠤᠭᠰᠠᠨ ᠨᠢ ᠪᠢᠰᠢᠷᠠᠯᠳᠠᠢ᠃       ᠪᠢ ᠪᠤᠯ ᠪᠦ᠊ ᠪᠠᠭᠰᠢ ᠶᠢᠨ ᠬᠦᠮᠦᠵᠢᠯ ᠨᠦᠯᠦᠬᠡ ᠬᠠᠶᠢᠷ᠎ᠠ ᠬᠠᠯᠠᠮᠵᠢ ᠶᠢ ᠤᠢᠢᠷ᠎ᠠ ᠵᠠᠢ ᠠᠴᠠ ᠬᠦᠷᠳᠡᠭᠰᠡᠨ ᠬᠦᠮᠦᠨ ᠤ ᠨᠢᠬᠡ᠃ 1973 ᠤᠨ ᠳᠤ ᠮᠢᠨᠦ ᠤᠷᠴᠢᠭᠤᠯᠤᠭᠰᠠᠨ ︽᠎ ᠶᠢᠨ ᠰᠢᠶᠦ᠋ᠨ ᠬᠤᠸᠠ ᠶᠢᠨ ᠲᠠᠭᠤᠯᠠᠯ︾ ᠭᠡᠬᠦ ᠨᠠᠶᠢᠷᠠᠬᠯᠡᠯ ᠤᠨ ᠡᠬᠡ ᠨᠤᠤᠷᠠᠭ ᠢᠶᠠᠨ ᠪᠦ᠊ ᠪᠠᠭᠰᠢ ᠪᠠᠷ ᠦᠵᠡᠬᠦᠯᠦᠭᠰᠡᠨ ᠳᠤ᠂ ᠪᠠᠭᠰᠢ ᠮᠢᠨᠢ ᠲᠠᠷᠠ ᠲᠠᠷᠦ᠋ᠢᠬᠠᠨ ᠲᠤᠰ ᠡᠬᠡ ᠪᠢᠴᠢᠭ ᠢ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠲᠠᠨᠢᠯᠴᠠᠭᠤᠯᠵᠤ ᠦᠭᠬᠦᠭᠰᠡᠨ ᠪᠠᠶᠢᠯ᠎ᠠ᠂ ᠲᠡᠶᠢᠨ ᠬᠦ ᠲᠤᠰ ᠡᠭᠡ ᠪᠢᠴᠢᠭ 1974 ᠤᠨ ᠳᠤ ᠰᠤᠳᠨᠠᠮᠷᠠᠪᠳᠠᠨ ᠪᠠᠭᠰᠢ ᠶᠢᠨ ᠬᠢᠨᠠᠨ ᠵᠠᠰᠠᠯᠳᠠ ᠪᠠᠷ ᠨᠤᠮ ᠪᠤᠯᠤᠨ ᠬᠡᠪᠯᠡᠭᠳᠡᠭᠰᠡᠨ ᠪᠢᠯᠡ᠃       ᠡᠬᠦᠨ ᠠᠴᠠ ᠭᠠᠳᠠᠨ᠎ᠠ᠂ ᠪᠦ᠊ · ᠪᠠᠭᠰᠢ ᠶᠢᠨ ︽ᠨᠤᠭᠤᠭᠠᠨ ᠬᠦᠯᠦᠭ︾᠂ ᠰᠦ ᠲᠠᠢ ᠴᠠᠢ᠂ ᠮᠢᠬᠠᠨ ᠪᠤᠤᠰᠠ ᠁ ᠵᠡᠷᠬᠡ ᠨᠢ ᠪᠤᠳᠤᠯ ᠳᠤ ᠮᠢᠨᠢ ᠮᠠᠷᠳᠠᠬᠳᠠᠰᠢ ᠦᠬᠡᠢ ᠲᠤᠷᠠᠳᠬᠠᠯ ᠪᠤᠯᠵᠤ ᠬᠤᠴᠤᠷᠤᠯ᠎ᠠ᠃ ᠲᠡᠷᠡ ᠦᠶ᠎ᠠ ᠳᠤ ᠪᠢ ᠬᠦᠯᠦᠭ ᠤᠨᠤᠭ᠎ᠠ ᠦᠬᠡᠢ ᠭᠠᠭ᠋ᠠᠢ ᠶᠠᠪᠠᠭᠠᠨ ᠭᠠᠴᠢᠬᠳᠠᠵᠤ ᠪᠠᠶᠢᠳᠠᠯ ᠎ᠠ᠂ ᠰᠦᠸᠧ ᠵᠦ ᠨᠠᠳᠠ ︽ᠪᠦ᠊ ᠪᠠᠭᠰᠢ ᠶᠢᠨ ᠨᠤᠪ ᠨᠤᠭᠤᠭᠠᠨ ᠬᠢᠯᠳᠤᠭᠠᠨᠠᠬᠰᠠᠨ ᠲᠤᠭᠤᠢ ᠨᠢ ᠤᠳᠤ ᠬᠡᠨ ᠭᠤᠶᠤᠪᠠᠴᠤ ᠤᠨᠤᠭᠤᠯᠵᠤ ᠪᠠᠶᠢᠨ᠎ᠠ︾ ᠬᠡᠰᠡᠨ ᠰᠠᠶᠢᠨ ᠴᠢᠮᠡᠭᠡ ᠶᠢ ᠲᠡᠮᠵᠢᠭᠤᠯᠪᠠ᠃ ᠲᠡᠬᠡᠬᠡᠳ ᠪᠢ ᠪᠠᠰᠠ ᠪᠤᠰᠤᠨ ᠪᠤᠰᠤᠨ ᠵᠠᠶᠢᠳᠠᠯᠠᠳᠠᠭ ᠪᠤᠷᠤ ᠲᠠᠭ᠎ᠠ ᠲᠠᠢ ᠪᠤᠯᠴᠢᠬᠠᠵᠤ ᠪᠢᠯᠡ᠃ ᠪᠦ᠊ ᠪᠠᠭᠰᠢ ᠶᠢᠨ ᠰᠦ ᠲᠠᠢ ᠴᠠᠢ᠂ ᠮᠢᠬᠠᠨ ᠪᠤᠤᠰᠠ ᠵᠡᠷᠬᠡ ᠶᠢᠨ ᠦᠨᠦᠷ ᠠᠮᠳᠠ ᠶᠢ ᠠᠪᠴᠤ ᠲᠤᠭᠤᠭ᠎ᠠ ᠬᠠᠳᠠᠬᠤ ᠪᠤᠯᠤᠬᠰᠠᠨ ᠨᠢ ᠮᠢᠨᠦ ᠠᠵᠢᠯ ᠳᠤ ᠭᠠᠷᠤᠭᠠᠳ ᠲᠤᠷᠰᠢᠯᠭᠠᠵᠢᠬᠰᠠᠨ ᠠᠴᠠ ᠬᠤᠶᠢᠨᠡᠬᠢ ᠶᠢᠨ ᠤᠴᠢᠷ ᠡ᠃ ᠲᠡᠷᠡ ᠦᠶ᠎ᠠ ᠳᠤ ᠰᠢᠯᠳᠠᠭ ᠲᠠᠭᠠᠷᠠᠬᠤ ᠪᠦᠷᠢ ᠪᠢᠳᠠ ᠪᠦ᠊ ᠪᠠᠭᠰᠢ ᠶᠢᠨ ᠳᠤ ᠤᠴᠢᠨ᠎ᠠ᠂ ᠪᠠᠭᠰᠢ ᠮᠢᠨᠢ ᠨᠦᠬᠦᠷ ᠲᠠᠢ ᠪᠠᠨ ᠬᠤᠶᠠᠭᠤᠯᠠ ᠪᠢᠳᠠᠨ ᠢ ᠬᠠᠯᠠᠭᠤᠮᠰᠤᠭ ᠢᠶᠠᠷ ᠵᠤᠴᠢᠯᠠᠨ ᠰᠦ ᠲᠠᠢ ᠴᠠᠢ ᠠᠶᠠᠭᠠᠯᠠᠨ ᠮᠢᠬ᠎ᠠ ᠲᠠᠢ ᠪᠤᠤᠰᠠ ᠪᠠᠨ ᠪᠢᠳᠠᠨ ᠤ ᠡᠮᠦᠨ᠎ᠡ ᠨᠠᠷᠠ ᠭᠠᠷᠳᠠᠯ᠎ᠠ ᠦᠷᠦᠳᠡᠭ ᠪᠠᠶᠢᠯ᠎ᠠ᠃ ᠲᠤᠬᠠᠢ ᠶᠢᠨ ᠦᠶ᠎ᠠ ᠳᠤ ᠪᠢ ᠦᠯᠦᠰᠳᠡᠭ ᠡᠪᠡᠳᠴᠢᠨ ᠲᠠᠢ ᠪᠠᠶᠢᠬᠰᠠᠨ ᠳᠠᠭᠠᠨ ᠲᠡᠷᠡ ᠤᠤ᠂ ᠤᠯᠠᠨ ᠤᠯᠠᠨ ᠤᠳᠬ᠎ᠠ ᠠᠭᠤᠯᠭ᠎ᠠ ᠲᠠᠢ ᠤᠴᠢᠷ ᠤᠳ ᠤᠳᠤ ᠪᠦᠷ ᠠᠷᠢᠯᠵᠤ ᠮᠠᠷᠳᠠᠭᠳᠠᠬᠰᠠᠨ ᠴᠤ ᠲᠡᠭᠡᠷ᠎ᠡ ᠴᠤᠬᠤᠯᠵᠠᠭᠤᠯᠤᠬᠰᠨᠨ ᠲᠡᠳᠡᠬᠡᠷ ᠰᠠᠶᠢᠬᠠᠨ ᠶᠠᠭᠤᠮᠠᠨ ᠤ ᠠᠩᠬᠢᠯᠤᠮᠠᠯ ᠦᠨᠦᠷ ᠨᠢ ᠰᠡᠳᠬᠢᠯ ᠳᠤ ᠮᠢᠨᠢ ᠠᠰᠢᠳᠠ ᠰᠠᠭᠤᠬᠳᠠᠵᠠᠢ ᠁
      ᠪ᠊ · ᠪᠦᠷᠢᠨᠪᠠᠬᠢ ︵1928 ᠤᠨ — 2009 ᠤᠨ︶ ᠠᠯᠳᠠᠷᠳᠤ ᠢᠷᠠᠭᠤ ᠨᠠᠶᠢᠷᠠᠬᠴᠢ᠂ ᠡᠷᠳᠡᠮᠳᠡᠨ᠂ ᠤᠳᠤ ᠦᠶ᠎ᠠ ᠶᠢᠨ ᠮᠤᠩᠭᠤᠯ ᠤᠷᠠᠨ ᠵᠤᠬᠢᠶᠠᠯ ᠤᠨ ᠰᠠᠭᠤᠷᠢᠯᠠᠬᠴᠢ ᠶᠢᠨ ᠨᠢᠬᠡ᠃ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠬᠴᠢ ᠪᠠᠭᠰᠢ᠃ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠪᠠᠶᠠᠨᠳᠠᠯ᠎ᠠ ᠰᠤᠮᠤ ᠶᠢᠨ ᠬᠦᠮᠦᠨ᠃ 1949 ᠤᠨ ᠤ ᠡᠬᠢ ᠪᠠᠷ ᠠᠷᠠᠳ ᠤᠨ ᠴᠢᠯᠦᠬᠡᠯᠡᠬᠦ ᠴᠡᠷᠢᠭ ᠤᠨ ᠦᠪᠦᠷ ᠮᠤᠩᠭᠤᠯ ᠤᠨ ᠮᠤᠷᠢᠳᠤ ᠴᠡᠷᠢᠭ ᠤᠨ ᠠᠩᠬᠢ ᠳᠤ ᠬᠤᠪᠢᠶᠠᠬᠳᠠᠨ ᠤᠴᠢᠵᠤ᠂ 4 ᠰᠠᠷ᠎ᠠ ᠳᠤᠨᠢ ᠡᠪ ᠬᠠᠮᠳᠤ ᠨᠠᠮ ᠳᠤ ᠡᠯᠰᠡᠭᠳᠡᠵᠡᠢ᠃       1946 ᠤᠨ ᠳᠤ ᠠᠩᠬᠠᠨ ᠤ ᠪᠦᠳᠦᠬᠡᠯ ︽ᠮᠦᠬᠡᠷᠦᠦ ᠮᠦᠬᠡᠷᠦᠦ ᠱᠤᠷᠤᠩ ᠬᠠᠳᠠ︾ ᠬᠡᠬᠦ ᠲᠠᠭᠤᠤ ᠶᠢᠨ ᠰᠢᠯᠦᠭ ᠢ ᠵᠤᠬᠢᠶᠠᠬᠰᠠᠨ ᠪᠢᠯᠠ᠃ 1953 ᠤᠨ ᠤ 10 ᠰᠠᠷ᠎ᠠ᠂ ︽ᠦᠪᠦᠷ ᠮᠤᠩᠭᠤᠯ ᠤᠨ ᠡᠳᠦᠷ ᠤᠨ ᠰᠤᠨᠢᠨ︾᠎ ᠳᠤ ᠨᠡᠶᠢᠳᠡᠯᠡᠬᠦᠯᠦᠭᠰᠡᠨ ︽ᠰᠡᠳᠬᠢᠯ ᠪᠡ ᠰᠦ︾ ᠪᠤᠯ ᠲᠡᠬᠦᠨ ᠤ ᠰᠢᠯᠦᠭ ᠲᠤᠭᠤᠷᠪᠢᠯ ᠤᠨ ᠪᠤᠯᠪᠠᠰᠤᠷᠠᠩᠭᠤᠢ ᠱᠠᠳᠤᠨ ᠳᠤ ᠤᠷᠤᠬᠰᠠᠨ ᠢ ᠬᠠᠷᠠᠭᠤᠯᠵᠤ ᠪᠠᠶᠢᠭ᠎ᠠ ᠶᠤᠮ᠃ ᠲᠡᠬᠦᠨ ᠠᠴᠠ ᠬᠤᠶᠢᠰᠢ ︽ᠵᠢᠷᠦᠬᠡᠨ ᠤ ᠵᠢᠷᠦᠬᠡ︾᠂ ︽ᠰᠠᠶᠢᠨ ᠢᠷᠡᠪᠡᠦ︖ ᠬᠠᠪᠤᠷ ᠡ︾᠂ ︽ᠬᠦᠳᠡᠭᠡ ᠶᠢᠨ ᠡᠪᠦᠯ ᠤᠨ ᠤᠷᠤᠢ︾᠂ ︽ᠠᠳᠤᠭᠤᠴᠢᠨ︾᠂ ︽ᠬᠠᠳᠤᠨ ᠭᠤᠤᠯ︾ ᠵᠡᠷᠬᠡ ᠤᠯᠠᠨ ᠰᠢᠯᠦᠭ ᠢᠶᠠᠨ ᠨᠡᠶᠢᠳᠡᠯᠡᠬᠦᠯᠵᠤ᠂ 1956 ᠤᠨ ᠳᠤ ᠤᠤᠭᠠᠨ ᠰᠢᠯᠦᠭ ᠤᠨ ᠲᠡᠬᠦᠪᠦᠷᠢ ︽ᠰᠠᠶᠢᠨ ᠢᠷᠠᠪᠠᠦ︖ ᠬᠠᠪᠤᠷ ᠡ︾᠎ ᠪᠠᠨ ᠬᠡᠪᠯᠡᠬᠦᠯᠵᠡᠢ᠃      1958 ᠤᠨ ᠳᠤ ᠴᠡᠷᠢᠭ ᠠᠴᠠ ᠬᠠᠯᠠᠬᠳᠠᠵᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠰᠢᠯᠵᠢᠨ ᠠᠵᠢᠯᠯᠠᠵᠤ ᠬᠢᠴᠢᠶᠠᠯ ᠬᠦᠮᠦᠵᠢᠯ ᠤᠨ ᠦᠢᠯᠡᠰ ᠲᠤ ᠵᠢᠳᠬᠦᠵᠤ ᠶᠠᠪᠤᠬᠰᠠᠨ ᠶᠤᠮ᠃ ᠤᠷᠢᠳ ᠬᠤᠵᠢᠳ ︽ᠰᠠᠶᠢᠨ ᠢᠷᠠᠪᠠᠦ︖ ᠬᠠᠪᠤᠷ ᠡ︾᠂ ︽ᠭᠠᠷᠤᠳᠢ ᠭᠠᠯᠪᠢᠩᠭ᠎ᠠ︾᠂ ︽ᠤᠷᠬᠢᠯ ᠪᠤᠯᠠᠭ︾᠂ ︽ᠠᠯᠳᠠᠨ ᠤᠨᠠᠭ᠎ᠠ︾᠂ ︽ᠪ᠊ · ᠪᠦᠷᠢᠨᠪᠠᠬᠢ ᠶᠢᠨ ᠰᠢᠯᠦᠭ ᠤᠨ ᠰᠤᠩᠭᠤᠮᠠᠯ︾ ︽ᠪ᠊ · ᠪᠦᠷᠢᠨᠪᠠᠬᠢ ᠶᠢᠨ ᠤᠳᠬ᠎ᠠ ᠤᠶᠠᠩᠭ᠎ᠠ ᠶᠢᠨ ᠴᠢᠭᠤᠯᠭᠠᠨ︾ ᠵᠡᠷᠬᠡ 16 ᠰᠢᠯᠦᠭ ᠤᠨ ᠲᠡᠬᠦᠪᠦᠷᠢ᠂ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾᠂ ︽ᠮᠤᠩᠭᠤᠯ ᠰᠢᠯᠦᠭ ᠤᠨ ᠭᠤᠸ᠎ᠠ ᠵᠦᠢ ᠶᠢᠨ ᠲᠡᠦᠬᠡᠴᠢᠯᠡᠭᠰᠡᠨ ᠲᠦᠯᠦᠪ︾᠂ ︽ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ ᠵᠦᠢ︾᠂ ︽ᠵᠦᠩ ᠮᠡᠳᠡᠷᠡᠬᠦᠢ ᠰᠢᠯᠦᠭ ᠵᠦᠢ︾ ᠵᠡᠷᠬᠡ ᠦᠯᠡᠮᠵᠢᠬᠡᠨ ᠲᠤᠭᠠᠨ ᠤ ᠡᠷᠳᠡᠮ ᠰᠢᠨᠵᠢᠯᠡᠬᠡᠨ ᠤ ᠪᠦᠳᠦᠬᠡᠯ ᠢᠶᠠᠨ ᠬᠡᠪᠯᠡᠬᠦᠯᠵᠡᠢ᠃       ᠲᠡᠬᠡᠷ᠎ᠡ ᠵᠠᠭᠤᠨ ᠤ ᠲᠠᠪᠢᠭᠠᠳ ᠤᠨ ᠠᠴᠠ ᠵᠢᠷᠠᠭᠠᠳ ᠤᠨ ᠤ ᠵᠠᠷᠢᠮ ᠰᠢᠯᠦᠭ ᠤᠳ ᠨᠢ ᠬᠢᠳᠡᠳ᠂ ᠠᠩᠭ᠍ᠯᠢ᠂ ᠰᠤᠯᠤᠩᠭᠤᠰ ᠵᠡᠷᠬᠡ ᠬᠡᠯᠡᠨ ᠳᠤ ᠤᠷᠴᠢᠭᠤᠯᠤᠬᠳᠠᠨ ᠲᠡᠯᠡᠬᠡᠢ ᠶᠢᠨ ᠤᠩᠰᠢᠬᠴᠢᠳ ᠲᠤ ᠲᠠᠨᠢᠬᠳᠠᠬᠰᠠᠨ ᠪᠢᠯᠠ᠃
ᠨᠠᠶᠢᠷᠠᠭᠤᠯᠤᠭᠴᠢ᠄
ᠵᠤᠯᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号