ᠨᠡᠬᠦᠳᠠᠯ ᠮᠤᠩᠭᠤᠯ ᠤᠨ ᠠᠮᠢᠳᠦ ᠲᠠᠮᠠᠭ᠎ᠠ
2018-09-04 16:34:53
ᠵᠣᠬᠢᠶᠠᠭᠴᠢ᠄ 
ᠡᠷᠳᠡᠨᠢᠬᠤᠸᠠᠷ ᠠᠨᠠᠷ
ᠣᠩᠰᠢᠭᠰᠠᠨ ᠣᠳᠠᠭ᠎ᠠ᠄ 
★★★☆☆
                    — ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ ᠢ                         ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ                         ᠪᠦᠷᠢᠳᠭᠡᠭᠦᠯᠬᠦ ᠲᠤᠬᠠᠢ ᠲᠤᠰᠬᠠᠢ ᠮᠡᠷᠭᠡᠵᠢᠯᠳᠡᠨ ᠤ ᠵᠦᠪᠯᠡᠯᠭᠡ
            ᠲᠤᠰᠬᠠᠢ ᠮᠡᠷᠭᠡᠵᠢᠯᠳᠠᠨ ᠤ ᠰᠢᠨᠵᠢᠯᠠᠨ ᠪᠠᠶᠢᠴᠠᠭᠠᠯᠳᠠ                                    ᠵᠠᠩ ᠰᠢᠶᠠᠩ ᠰᠢ ᠰᠡᠬᠦᠳᠡᠷᠯᠡᠪᠡ          ᠡᠮᠦᠨᠡᠬᠢ ᠦᠭᠡ᠄ ᠨᠡᠭᠦᠳᠡᠯ ᠮᠠᠯᠵᠢᠯ ᠪᠤᠯ ᠮᠤᠩᠭᠤᠯᠴᠤᠳ ᠤᠨ ᠤᠷᠳᠤ ᠤᠳᠠᠭᠠᠨ ᠲᠡᠦᠬᠡᠨ ᠶᠠᠪᠤᠴᠠ ᠳᠤ ᠬᠤᠪᠢᠷᠠᠯ ᠦᠯᠡᠮᠵᠢ ᠤᠷᠴᠢᠨ ᠠᠬᠤᠢ ᠳᠤ ᠵᠤᠬᠢᠴᠠᠭᠤᠯᠵᠤ ᠲᠦᠯᠦᠪᠰᠢᠷᠡᠭᠦᠯᠦᠨ ᠪᠦᠷᠢᠯᠳᠦᠭᠦᠯᠦᠭᠰᠡᠨ ᠠᠮᠢᠳᠤᠷᠠᠬᠤᠢ ᠶᠢᠨ ᠤᠷ᠎ᠠ ᠤᠬᠠᠭᠠᠨ᠂ ᠮᠤᠩᠭᠤᠯᠴᠤᠳ ᠤᠨ ᠪᠤᠯᠪᠠᠰᠤᠨ ᠤ ᠡᠬᠢ᠂ ᠮᠤᠩᠭᠤᠯ ᠰᠤᠶᠤᠯ ᠤᠨ ᠬᠠᠨ ᠲᠦᠰᠢᠭ ᠪᠤᠯᠬᠤ ᠪᠦᠭᠡᠳ ᠬᠠᠭᠤᠯᠵᠤ ᠺᠯᠦ᠋ᠩᠨᠡᠵᠦ ᠳᠡᠶᠢᠯᠦᠰᠢ ᠦᠭᠡᠢ ᠳᠠᠪᠳᠠᠭᠳᠠᠰᠢ ᠦᠭᠡᠢ ᠳᠡᠯᠡᠬᠡᠢ ᠨᠡᠶᠢᠳᠡ ᠶᠢᠨ ᠦᠪ ᠬᠦᠷᠦᠩᠭᠡ ᠶᠤᠮ᠃      ᠴᠠᠭ ᠦᠶ᠎ᠠ ᠶᠢᠨ ᠬᠤᠪᠢᠰᠤᠯ ᠬᠦᠭᠵᠢᠯ᠂ ᠠᠮᠢ ᠠᠬᠤᠢ ᠪᠠ ᠠᠵᠤ ᠠᠬᠤᠢ ᠶᠢᠨ ᠦᠷᠢᠰᠦᠯᠳᠦᠭᠡᠨ᠂ ᠨᠤᠳᠤᠭ ᠪᠡᠯᠴᠢᠭᠡᠷ ᠤᠨ ᠢᠪᠴᠤᠷᠠᠯ᠂ ᠬᠦᠮᠦᠨ ᠬᠠᠷ᠎ᠠ ᠶᠢᠨ ᠨᠡᠮᠡᠭᠳᠡᠯ ᠵᠡᠷᠭᠡ ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠤ ᠤᠳᠤ ᠮᠠᠨ ᠤ ᠤᠷᠤᠨ ᠤ ᠶᠡᠬᠡᠩᠬᠢ ᠮᠠᠯᠵᠢᠬᠤ ᠤᠷᠤᠨ ᠰᠠᠭᠤᠷᠢᠰᠢᠨ ᠮᠠᠯᠵᠢᠬᠤ ᠵᠦᠭ ᠰᠢᠯᠵᠢᠵᠦ᠂ ᠨᠡᠭᠦᠳᠡᠯ ᠮᠠᠯᠵᠢᠯ ᠲᠡᠦᠬᠡ ᠪᠤᠯᠤᠨ ᠬᠤᠴᠤᠷᠴᠤ ᠪᠠᠶᠢᠭ᠎ᠠ ᠴᠠᠭ ᠦᠶ᠎ᠠ ᠳᠤ᠂ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠠᠷᠤ ᠪᠡᠶ᠎ᠠ ᠶᠢᠨ ᠪᠠᠶ᠋ᠬᠠᠦ᠋ᠨᠳᠦᠷ ᠰᠤᠮᠤ ᠶᠢᠨ ᠮᠠᠯᠴᠢᠳ ᠮᠦᠨ ᠬᠦ ᠨᠡᠭᠦᠳᠡᠯ ᠮᠠᠯᠵᠢᠯ ᠢᠶᠠᠨ ᠪᠠᠷᠢᠮᠳᠠᠯᠠᠭᠰᠠᠭᠠᠷ ᠢᠷᠡᠵᠦ᠂ 2014 ᠤᠨ ᠳᠤ ᠪᠠᠶ᠋ᠬᠠᠦ᠋ᠨᠳᠦᠷ ᠰᠤᠮᠤ ᠪᠠᠷ ᠭᠤᠤᠯ ᠬᠠᠮᠠᠭᠠᠯᠠᠯᠳᠠ ᠶᠢᠨ ᠤᠷᠤᠨ ᠪᠤᠯᠭᠠᠭᠰᠠᠨ ︽ᠦᠪᠦᠷ ᠮᠤᠩᠭᠤᠯ ᠤᠨ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ︾ ᠳᠤᠮᠳᠠᠳᠤ ᠤᠯᠤᠰ ᠤᠨ ᠬᠦᠳᠡᠭᠡ ᠠᠵᠤ ᠠᠬᠤᠢ ᠶᠢᠨ ᠴᠢᠬᠤᠯᠡ ᠰᠤᠶᠤᠯ ᠤᠨ ᠦᠪ ᠲᠤ ᠪᠦᠷᠢᠳᠭᠡᠭᠳᠡᠪᠠ᠃ ᠡᠨᠡ ᠪᠤᠯ ᠤᠳᠤᠬᠠᠨ ᠪᠤᠯᠳᠠᠯ᠎ᠠ ᠮᠠᠨ ᠤ ᠤᠯᠤᠰ ᠲᠤ ᠤᠯᠤᠰ ᠤᠨ ᠦᠪ ᠲᠤ ᠤᠷᠤᠭᠰᠠᠨ ᠴᠤᠷ ᠤᠨ ᠭᠠᠭᠴᠠ ᠨᠡᠭᠦᠳᠡᠯ ᠮᠠᠯᠵᠢᠯ ᠤᠨ ᠰᠢᠰᠲ᠋ᠧᠮ ᠪᠤᠯᠤᠨ᠎ᠠ᠃      ᠤᠯᠤᠰ ᠤᠨ ᠦᠪ ᠲᠤ ᠤᠷᠤᠭᠰᠠᠨ ᠠᠴᠠ ᠨᠠᠭᠠᠰᠢ᠂ ᠠᠷᠤ ᠬᠤᠷᠴᠢᠨ ᠬᠤᠰᠢᠭᠤ ᠨᠡᠭᠦᠳᠡᠯ ᠮᠠᠯᠵᠢᠯ ᠤᠨ ᠰᠢᠰᠲ᠋ᠧᠮ ᠢᠶᠠᠨ ᠤᠬᠠᠭᠤᠯᠵᠤ ᠬᠠᠮᠠᠭᠠᠯᠠᠵᠤ ᠬᠦᠭᠵᠢᠭᠦᠯᠬᠦ ᠶᠢᠨ ᠲᠦᠯᠦᠭᠡ ᠠᠯᠢ ᠤᠯᠠᠨ ᠠᠵᠢᠯ ᠦᠷᠨᠢᠭᠦᠯᠦᠭᠰᠡᠨ ᠪᠦᠭᠡᠳ 2017 ᠤᠨ ᠤ ᠵᠢᠯ ᠤᠨ ᠰᠡᠭᠦᠯᠴᠢ ᠠᠴᠠ ︽ᠦᠪᠦᠷ ᠮᠤᠩᠭᠤᠯ ᠤᠨ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ︾᠎ ᠢ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠡ ᠰᠤᠶᠤᠯ ᠤᠨ ᠦᠪ ᠲᠤ ᠪᠦᠷᠢᠳᠭᠡᠭᠦᠯᠬᠦ ᠠᠵᠢᠯ ᠢ ᠵᠢᠩᠬᠢᠨᠢ ᠪᠠᠷ ᠡᠬᠢᠯᠡᠭᠦᠯᠪᠠ᠃       ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ 2002 ᠤᠨ ᠳᠤ ᠬᠦᠮᠦᠨ ᠲᠦᠷᠦᠯᠬᠢᠳᠡᠨ ᠪᠠᠶᠢᠭᠠᠯᠢ ᠤᠷᠴᠢᠨ ᠲᠠᠢ ᠤᠷᠳᠤ ᠬᠤᠭᠤᠴᠠᠭ᠎ᠠ ᠪᠠᠷ ᠡᠶ᠎ᠡ ᠵᠤᠬᠢᠴᠠᠩᠭᠤᠢ ᠬᠠᠷᠢᠴᠠᠬᠤ ᠶᠠᠪᠤᠴᠠ ᠳᠤ ᠡᠭᠦᠳᠴᠤ ᠤᠯᠠᠮᠵᠢᠯᠠᠭᠰᠠᠨ ᠦᠪᠡᠷᠮᠢᠴᠡ ᠤᠨᠴᠠᠯᠢᠭ ᠪᠦᠬᠦᠢ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠵᠢᠴᠢ ᠲᠡᠭᠦᠨ ᠳᠤ ᠬᠤᠯᠪᠤᠭᠳᠠᠬᠤ ᠦᠩᠭᠡ ᠦᠵᠡᠮᠵᠢ᠂ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ᠂ ᠮᠡᠳᠡᠯᠭᠡ ᠪᠠ ᠰᠤᠶᠤᠯ ᠤᠨ ᠰᠢᠰᠲ᠋ᠧᠮ ᠢ ᠬᠠᠮᠠᠭᠠᠯᠠᠬᠤ ᠪᠠᠷ ᠵᠤᠷᠢᠯᠳᠠ ᠪᠠᠨ ᠪᠤᠯᠭᠠᠭᠰᠠᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠢ ᠪᠦᠷᠢᠳᠭᠡᠬᠦ ᠠᠵᠢᠯ ᠢ ᠡᠬᠢᠯᠡᠭᠦᠯᠵᠦ᠂ ᠤᠳᠤ ᠪᠤᠯᠲᠠᠯ᠎ᠠ ᠪᠦᠬᠦ ᠳᠡᠯᠡᠬᠡᠢ ᠶᠢᠨ 21 ᠤᠯᠤᠰ ᠤᠨ 52 ᠲᠦᠷᠦᠯ ᠤᠨ ᠤᠯᠠᠮᠵᠢᠯᠠᠯᠳᠦ ᠬᠦᠳᠡᠭᠡ ᠠᠵᠤ ᠠᠬᠤᠢ ᠶᠢᠨ ᠰᠢᠰᠲ᠋ᠧᠮ ᠤᠷᠢᠳ ᠬᠤᠵᠢᠳ ᠲᠤᠰ ᠦᠪ ᠲᠤ ᠪᠦᠷᠢᠳᠭᠡᠭᠳᠡᠪᠡ᠃ ᠡᠭᠦᠨ ᠳᠤ ᠨᠡᠭᠦᠳᠡᠯ ᠮᠠᠯᠵᠢᠯ ᠤᠨ ᠰᠢᠰᠲ᠋ᠧᠮ ᠬᠤᠶᠠᠷ ᠪᠤᠢ᠃ ᠨᠢᠭᠡ ᠨᠢ ᠲᠠᠨᠽᠠᠨᠢᠶ᠎ᠠ ᠶᠢᠨ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ᠂ ᠨᠦᠬᠦᠭᠡ ᠨᠢ ᠺᠧᠨᠢᠶᠠ ᠶᠢᠨ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠪᠤᠯᠤᠨ᠎ᠠ᠃      ᠮᠠᠨ ᠤ ᠤᠯᠤᠰ 2012 ᠤᠨ ᠠᠴᠠ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠢᠶᠠᠨ ᠠᠭᠤᠳᠠᠯᠵᠤ ᠬᠠᠮᠠᠭᠠᠯᠠᠬᠤ ᠠᠵᠢᠯ ᠢ ᠡᠬᠢᠯᠡᠭᠦᠯᠵᠦ᠂ ᠤᠷᠢᠳ ᠬᠤᠵᠢᠳ 91 ᠲᠦᠷᠦᠯ ᠤᠨ ᠬᠦᠳᠡᠭᠡ ᠠᠵᠤ ᠠᠬᠤᠢ ᠶᠢᠨ ᠰᠤᠶᠤᠯ ᠤᠨ ᠦᠪ ᠢᠶᠠᠨ ᠤᠯᠤᠰ ᠤᠨ ᠳᠡᠰ ᠤᠨ ᠴᠢᠬᠤᠯᠠ ᠰᠤᠶᠤᠯ ᠤᠨ ᠦᠪ ᠢᠶᠠᠷ ᠪᠦᠷᠢᠳᠭᠡᠵᠤ᠂ ᠡᠭᠦᠨ ᠤ ᠲᠤᠳᠤᠷ᠎ᠠ ᠠᠴᠠ 15᠎ ᠨᠢ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠭᠳᠡᠪᠡ᠃ ᠤᠳᠤᠬᠠᠨ ᠳᠤ ᠮᠠᠨ ᠤ ᠤᠷᠤᠨ ᠠᠴᠠ ᠠᠤᠬᠠᠨ ᠤ ᠬᠠᠭᠤᠷᠠᠢ ᠳᠠᠷᠢᠶᠠᠯᠠᠩ ᠤᠨ ᠰᠢᠰᠲ᠋ᠧᠮ 2012 ᠤᠨ ᠳᠤ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠭᠳᠡᠵᠠᠢ᠃      ᠲᠦᠷᠦᠭᠦᠬᠡᠨ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠰᠢᠨᠵᠢᠯᠡᠬᠦ ᠤᠬᠠᠭᠠᠨᠴᠢ ᠵᠦᠪᠯᠡᠯᠭᠡ ᠦᠭᠬᠦ ᠲᠤᠭᠤᠢᠢᠯᠠᠩ ᠤᠨ ᠳᠡᠳ᠋ ᠲᠡᠷᠢᠭᠦᠯᠡᠭᠴᠢ᠂ ᠤᠯᠤᠰ ᠤᠨ ᠬᠦᠳᠡᠭᠡ ᠠᠵᠤ ᠠᠬᠤᠢ ᠬᠦᠳᠡᠭᠡ ᠲᠤᠰᠬᠤᠨ ᠤ ᠶᠠᠮᠤᠨ ᠤ ᠪᠦᠬᠦ ᠳᠡᠯᠡᠬᠡᠢ ︵ᠳᠤᠮᠳᠠᠳᠤ ᠤᠯᠤᠰ︶᠎ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠲᠤᠰᠬᠠᠢ ᠮᠡᠷᠭᠡᠵᠢᠯᠳᠡᠨ ᠤ ᠵᠦᠪᠯᠡᠯ ᠤᠨ ᠳᠡᠳ᠋ ᠡᠷᠬᠢᠯᠡᠭᠴᠢ ᠪᠦᠭᠡᠳ ᠨᠠᠷᠢᠨ ᠪᠢᠴᠢᠭ ᠤᠨ ᠳᠠᠷᠤᠭ᠎ᠠ᠂ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠠᠵᠠᠷ ᠵᠦᠢ ᠶᠢᠨ ᠰᠢᠨᠵᠢᠯᠡᠬᠦ ᠤᠬᠠᠭᠠᠨ ᠪᠤᠯᠤᠨ ᠡᠬᠢ ᠪᠠᠶᠠᠯᠢᠭ ᠰᠤᠳᠤᠯᠬᠤ ᠭᠠᠵᠠᠷ ᠤᠨ ᠪᠠᠶᠢᠭᠠᠯᠢ ᠬᠢᠭᠡᠳ ᠰᠤᠶᠤᠯ ᠤᠨ ᠦᠪ ᠰᠤᠳᠤᠯᠬᠤ ᠲᠦᠪ ᠤᠨ ᠳᠡᠳ᠋ ᠡᠷᠬᠢᠯᠡᠭᠴᠢ᠂ ᠰᠤᠳᠤᠯᠤᠭᠴᠢ ᠮᠢᠨ ᠴᠢᠩ ᠸᠧᠨ ᠢᠶᠠᠷ ᠲᠦᠷᠦᠭᠦᠯᠡᠭᠦᠯᠦᠭᠰᠡᠨ ᠳᠤᠮᠳᠠᠳᠤ ᠤᠯᠤᠰ ᠤᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠲᠤᠰᠬᠠᠢ ᠮᠡᠷᠭᠡᠵᠢᠯᠳᠡᠨ ᠤ ᠵᠦᠪᠯᠡᠯ ᠤᠨ ᠲᠤᠰᠬᠠᠢ ᠮᠡᠷᠭᠡᠵᠢᠯᠳᠡᠨ ᠡᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ ᠤᠨ ᠤᠷᠤᠨ ᠢᠶᠠᠷ ᠭᠦᠨᠵᠡᠭᠡᠶᠢᠷᠡᠵᠤ ᠰᠢᠨᠵᠢᠯᠡᠨ ᠪᠠᠶᠢᠴᠠᠭᠠᠯᠳᠠ ᠬᠢᠵᠦ᠂ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ ᠢ ᠬᠠᠮᠠᠭᠠᠯᠠᠵᠤ ᠬᠦᠭᠵᠢᠭᠦᠯᠬᠦ ᠵᠢᠴᠢ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠭᠦᠯᠬᠦ ᠠᠵᠢᠯ ᠤᠨ ᠲᠤᠬᠠᠢ ᠤᠯᠠᠨ ᠰᠠᠨᠠᠯ ᠵᠦᠪᠯᠡᠯᠭᠡ ᠳᠡᠪᠰᠢᠭᠦᠯᠵᠠᠢ᠃ ᠠᠳᠡ ᠲᠤᠰᠬᠠᠢ ᠮᠡᠷᠭᠡᠵᠢᠯᠳᠡᠨ ᠤ ᠰᠠᠨᠠᠯ ᠵᠦᠪᠯᠡᠯᠭᠡ ᠠᠴᠠ ᠰᠤᠩᠭᠤᠨ ᠨᠡᠶᠢᠳᠡᠯᠡᠵᠦ᠂ ᠤᠯᠠᠨ ᠳᠤ ᠲᠤᠯᠢᠯᠠᠭᠤᠯᠵᠤ ᠪᠠᠶᠢᠨ᠎ᠠ᠃ ᠠᠩᠬᠠᠷᠤᠨ ᠤᠩᠰᠢᠮᠤ︕
              ᠮᠠᠰᠠᠢ ᠮᠠᠯᠴᠢᠨ ᠦᠨᠳᠡᠭᠡᠨ ᠴᠠᠭᠠᠨ ᠭᠡᠷ ᠮᠢᠨᠢ ᠨᠡᠭᠦᠳᠡᠯ ᠤᠨ ᠬᠢᠦᠷᠭᠦᠭᠡᠨ ᠳᠤ ᠲᠠᠯᠪᠢᠭᠰᠠᠨ ᠡᠷᠬᠢᠨᠡᠭ ᠰᠢᠷᠭᠤᠭᠤᠯᠢᠰᠡᠭᠡᠢ ᠡᠳ᠋ᠯᠡᠯ᠂ ᠮᠦᠩᠭᠦᠨ ᠴᠦᠬᠦᠴᠡ ᠨᠡᠭᠦᠳᠡᠯ ᠤᠨ ᠬᠢᠨᠠᠷᠠᠨ ᠲᠠᠯ᠎ᠠ ᠶᠢᠨ ᠳᠡᠭᠡᠪᠤᠷ ᠮᠢᠨᠢ ᠨᠡᠭᠦᠳᠡᠯ ᠤᠨ ᠬᠢᠨᠠᠷᠮᠠᠢ ᠰᠦᠷ ᠲᠠᠢ ᠰᠦᠯᠳᠡ ᠬᠡᠶᠢᠮᠦᠷᠢᠳᠠᠷᠴᠤᠭ ᠳᠠᠯᠪᠠᠭ᠎ᠠ᠂ ᠡᠵᠡᠨ ᠰᠠᠩ ᠨᠡᠭᠦᠳᠡᠯ ᠤᠨ ᠬᠢᠤᠶᠠᠭᠠᠨ ᠳᠡᠭᠡᠷ᠎ᠠ ᠴᠤᠪᠬᠤᠴᠠᠭᠰᠠᠨ ᠮᠤᠷᠢ ᠮᠢᠨᠢ ᠨᠡᠭᠦᠳᠡᠯ ᠤᠨ ᠬᠢᠤᠷᠠᠨ ᠬᠢᠴᠡ ᠲᠠᠢ ᠡᠮᠡᠭᠡᠯ ᠬᠠᠵᠠᠭᠠᠷᠲᠡᠷᠢᠭᠦᠨ ᠱᠠᠩ᠂ ᠪᠠᠶᠠᠨ ᠬᠤᠳᠤᠭᠤᠳᠤ ᠨᠡᠭᠦᠳᠡᠯ ᠤᠨ ᠬᠢᠲᠠᠷᠬᠠᠨ ᠪᠡᠯᠴᠢᠭᠡ ᠬᠤᠨᠢᠨ ᠰᠦᠷᠦᠭ ᠮᠢᠨᠢ ᠨᠡᠭᠦᠳᠡᠯ ᠤᠨ ᠬᠢᠳᠠᠪᠠᠭᠯᠠᠨ ᠳᠡᠭᠡᠵᠢᠯᠡᠭᠰᠡᠨ ᠢᠳᠡᠭᠡ ᠰᠢᠭᠦᠰᠦᠢᠷᠦᠭᠡᠯ ᠦᠴᠢᠭ᠂ ᠠᠷᠠᠳ ᠤᠨ ᠳᠠᠭᠤᠤ ᠨᠡᠭᠦᠳᠡᠯ ᠤᠨ ᠬᠢᠠᠭᠠᠵᠢᠮ ᠬᠢᠬᠤᠨᠠᠬᠤ ᠬᠠᠰᠠᠭ ᠲᠡᠷᠭᠡ ᠮᠢᠨᠢ ᠨᠡᠭᠦᠳᠡᠯ ᠤᠨ ᠬᠢᠠᠷᠠᠯ ᠤᠨ ᠱᠠᠷ᠂ ᠰᠤᠨᠤᠯᠵᠠᠭᠰᠠᠨ ᠵᠠᠮᠬᠤᠳᠠᠴᠢ ᠨᠤᠬᠠᠢ᠂ ᠬᠡᠦᠬᠡᠳ ᠤᠨ ᠵᠡᠭᠦᠷᠮᠡᠭᠯᠡᠯ ᠨᠡᠭᠦᠳᠡᠯ ᠤᠨ ᠬᠢᠬᠤᠶᠢᠮᠦᠷ ᠲᠤ ᠵᠠᠪᠢᠯᠠᠭᠰᠠᠨ ᠡᠪᠤᠭᠡᠳ ᠮᠢᠨᠢ ᠨᠡᠭᠦᠳᠡᠯ ᠤᠨ ᠬᠢᠬᠤᠪᠤᠷ ᠡᠷᠳᠡᠨᠢᠳᠦ ᠬᠠᠷ᠎ᠠ ᠤᠬᠠᠭ᠎ᠠ ᠮᠠᠨᠤᠬᠤᠨ ᠬᠦᠬᠦᠷ᠂ ᠮᠦᠩᠭᠦᠨ ᠰᠠᠬᠠᠯ ᠨᠡᠭᠦᠳᠡᠯ ᠤᠨ ᠬᠢ ᠦᠪᠴᠢ ᠭᠤᠶᠤᠭᠰᠠᠨ ᠪᠡᠶ᠎ᠠ ᠮᠢᠨᠢ ᠨᠡᠭᠦᠳᠡᠯ ᠤᠨ ᠬᠢᠦ ᠦᠭᠡᠢ ᠵᠤᠬᠢᠷᠠᠭᠰᠠᠨ ᠳᠡᠪᠡᠯ ᠪᠦᠰᠡᠳᠡᠭᠡᠳᠦᠯᠡᠨ ᠪᠡᠯᠭᠡᠰᠢᠶᠠᠬᠦ ᠮᠠᠯᠠᠭᠠᠢ ᠵᠠᠭᠠᠮ᠎ᠠ ᠨᠡᠭᠦᠳᠡᠯ ᠤᠨ ᠬᠢ ᠁                               — ᠴ᠊ · ᠠᠯᠤᠰ ᠤᠨ ︽ᠨᠡᠭᠦᠳᠡᠯ︾᠎ ᠠᠴᠠ          ᠨᠡᠭᠦᠳᠡᠯ ᠮᠠᠯᠵᠢᠯ ᠬᠤᠴᠤᠷᠤᠩᠭᠤᠢ ᠪᠤᠰᠤ      ᠨᠡᠭᠦᠳᠡᠯ ᠮᠠᠯᠵᠢᠯ ᠭᠡᠬᠦ ᠪᠠᠷ ᠵᠠᠷᠢᠮ ᠬᠦᠮᠦᠰ ︽ᠪᠤᠶᠢᠳᠠ ᠪᠦᠭᠯᠡᠭᠦᠦ᠂ ᠬᠤᠴᠤᠷᠤᠩᠭᠤᠢ︾ ᠭᠡᠬᠦ ᠤᠢᠢᠯᠠᠭᠠᠯᠳᠠ ᠲᠠᠢ᠃ ᠲᠤᠰᠬᠠᠢ ᠮᠡᠷᠭᠡᠵᠢᠯᠳᠡᠨ ᠤ ᠦᠵᠡᠬᠦ ᠪᠠᠷ᠂ ᠡᠨᠡ ᠨᠢ ᠪᠢᠳᠡ ᠨᠡᠭᠦᠳᠡᠯ ᠮᠠᠯᠵᠢᠯ ᠤᠨ ᠰᠢᠰᠲ᠋ᠧᠮ ᠤᠨ ᠢᠶᠠᠨ ᠲᠤᠬᠠᠢ ᠤᠬᠠᠭᠤᠯᠭ᠎ᠠ ᠳᠤᠳᠠᠮᠠᠭ ᠪᠠᠶᠢᠬᠤ ᠲᠠᠢ ᠬᠤᠯᠪᠤᠭ᠎ᠠ ᠲᠠᠢ᠃      ᠲᠤᠰᠬᠠᠢ ᠮᠡᠷᠭᠡᠵᠢᠯᠳᠡᠨ ᠯᠦᠸᠧ ᠱᠢ ᠮᠢᠩ ︵ᠬᠤᠸᠠᠨᠠᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠵᠠᠬᠢᠷᠤᠯ᠂ ᠠᠮᠢ ᠠᠬᠤᠢ ᠶᠢᠨ ᠤᠬᠠᠭᠠᠨ ᠤ ᠫᠷᠦᠹᠧᠰᠰᠤᠷ︶᠄ ᠨᠡᠭᠦᠳᠡᠯ ᠮᠠᠯᠵᠢᠯ ᠤᠨ ᠰᠢᠰᠲ᠋ᠧᠮ ᠢ ᠬᠠᠮᠠᠭᠠᠯᠠᠵᠤ ᠦᠯᠡᠳᠡᠭᠡᠬᠦ ᠳᠤ ᠶᠠᠭᠤᠨ ᠤ ᠡᠮᠦᠨ᠎ᠠ ᠲᠡᠭᠦᠨ ᠤ ᠦᠨ᠎ᠠ ᠴᠠᠨ᠎ᠠ ᠲᠠᠢ ᠵᠦᠢᠯ ᠢ ᠬᠦᠮᠦᠰ ᠲᠤ ᠮᠡᠳᠡᠭᠦᠯᠵᠦ ᠤᠢᠢᠯᠠᠭᠠᠭᠤᠯᠬᠤ ᠬᠡᠷᠡᠭᠳᠠᠢ᠃ ᠷᠧᠨ ᠵᠢᠢ ᠵᠧᠤ ᠠᠪᠤᠭᠠᠢ ︵ᠳᠤᠮᠳᠠᠳᠤ ᠤᠯᠤᠰ ᠤᠨ ᠢᠨᠵᠧᠨᠧᠷᠢᠩ ᠤᠨ ᠬᠦᠷᠢᠶᠡᠯᠡᠩ ᠤᠨ ᠠᠺᠠᠳᠧᠮᠢᠴᠢ᠂ ᠳᠤᠮᠳᠠᠳᠤ ᠤᠯᠤᠰ ᠤᠨ ᠤᠳᠤ ᠦᠶ᠎ᠠ ᠶᠢᠨ ᠨᠤᠳᠤᠭ ᠪᠡᠯᠴᠢᠭᠡᠷ ᠤᠨ ᠰᠢᠨᠵᠢᠯᠡᠬᠦ ᠤᠬᠠᠭᠠᠨ ᠤ ᠰᠠᠭᠤᠷᠢ ᠶᠢ ᠲᠠᠯᠪᠢᠭᠴᠢ ᠶᠢᠨ ᠨᠢᠭᠡ︶ ᠨᠢᠭᠡ ᠵᠤᠬᠢᠶᠠᠯ ᠳᠠᠭᠠᠨ ︽ᠤᠯᠠᠮᠵᠢᠯᠠᠯᠳᠦ ᠨᠡᠭᠦᠳᠡᠯ ᠮᠠᠯᠵᠢᠯ ᠨᠢ ᠦᠪᠡᠷ ᠤᠨ ᠭᠡᠰᠡᠨ ᠰᠢᠨᠵᠢᠯᠡᠬᠦ ᠤᠬᠠᠭᠠᠨᠴᠢ ᠴᠢᠨᠠᠷ᠂ ᠦᠨᠳᠦᠷ ᠪᠦᠲᠦᠮᠵᠢᠳᠦ ᠴᠢᠨᠠᠷ ᠪᠠᠶᠢᠳᠠᠭ᠂ ᠲᠡᠷᠡ ᠨᠢ ᠡᠬᠡ ᠪᠠᠶᠢᠭᠠᠯᠢ ᠳᠤ ᠵᠤᠬᠢᠴᠠᠵᠤ᠂ ᠡᠬᠡ ᠪᠠᠶᠢᠭᠠᠯᠢ ᠶᠢ ᠬᠠᠮᠠᠭᠠᠯᠠᠵᠤ᠂ ᠪᠠᠶᠢᠭᠠᠯᠢ ᠳᠡᠯᠡᠬᠡᠢ ᠬᠢᠭᠡᠳ ᠬᠦᠮᠦᠨ ᠤ ᠵᠤᠬᠢᠴᠠᠩᠭᠤᠢ ᠬᠦᠭᠵᠢᠯᠳᠡ ᠶᠢ ᠪᠠᠳᠤᠯᠠᠬᠤ ᠲᠠᠯ᠎ᠠ ᠪᠠᠷ ᠮᠠᠰᠢ ᠰᠠᠶᠢᠨ ᠪᠠᠶᠢᠳᠠᠭ᠂ ᠭᠡᠪᠡᠴᠤ ᠬᠠᠷᠠᠮᠰᠠᠯᠳᠠᠢ ᠨᠢ᠂ ᠤᠳᠤ ᠪᠠᠷ ᠲᠠᠷᠢᠶᠠᠯᠠᠬᠤ ᠤᠷᠤᠨ ᠤ ᠠᠷᠭ᠎ᠠ ᠪᠠᠷᠢᠯ ᠢᠶᠠᠷ ᠡᠭᠦᠨ ᠢ ᠲᠠᠰᠤᠯᠳᠠᠭᠤᠯᠵᠠᠢ︾ ᠭᠡᠵᠦ ᠶᠠᠷᠢᠭᠰᠠᠨ ᠪᠠᠶᠢᠳᠠᠭ᠃ ᠪᠢᠳᠡ ᠨᠡᠭᠦᠳᠡᠯ ᠮᠠᠯᠵᠢᠯ ᠤᠨ ᠠᠷᠭ᠎ᠠ ᠬᠡᠯᠪᠡᠷᠢ ᠨᠢ ᠤᠳᠤ ᠶᠢᠨ ᠮᠠᠯ ᠪᠡᠯᠴᠢᠭᠡᠷ ᠢ ᠬᠤᠪᠢ ᠡᠷᠦᠬᠡ ᠳᠤ ᠳᠠᠭᠠᠭᠠᠴᠢᠯᠠᠭᠤᠯᠵᠤ᠂ ᠳᠤᠤᠷ ᠳᠠᠳᠠᠵᠤ ᠬᠠᠰᠢᠶᠠᠯᠠᠨ ᠲᠡᠵᠢᠭᠡᠬᠦ ᠠᠷᠭ᠎ᠠ ᠬᠡᠯᠪᠡᠷᠢ ᠲᠠᠢ ᠬᠠᠷᠢᠴᠠᠭᠤᠯᠪᠠᠯ ᠶᠠᠮᠠᠷ ᠳᠠᠪᠠᠭᠤᠯᠢᠭ᠂ ᠶᠠᠮᠠᠷ ᠰᠠᠶᠢᠨ ᠲᠠᠯ᠎ᠠ ᠪᠠᠶᠢᠬᠤ ᠶᠢ ᠭᠦᠨᠵᠡᠭᠡᠢ ᠰᠤᠳᠤᠯᠵᠤ ᠪᠤᠳᠠᠳᠠᠢ ᠪᠠᠷᠢᠮᠳᠠ ᠭᠠᠷᠭᠠᠵᠤ᠂ ᠬᠦᠮᠦᠰ ᠲᠤ ᠲᠤᠳᠤᠷᠬᠠᠢ ᠤᠢᠢᠯᠠᠭᠠᠭᠤᠯᠬᠤ ᠬᠡᠷᠡᠭᠳᠠᠢ᠃ ᠢᠩᠬᠢᠪᠡᠯ᠂ ᠪᠢᠳᠡᠨ ᠤ ᠡᠨᠡ ᠬᠦ ᠨᠡᠭᠦᠳᠡᠯ ᠮᠠᠯᠵᠢᠯ ᠤᠨ ᠰᠢᠰᠲ᠋ᠧᠮ ᠨᠢ ᠬᠠᠮᠠᠭᠠᠯᠠᠭᠳᠠᠬᠤ ᠪᠤᠳᠠᠳᠠᠢ ᠰᠢᠯᠳᠠᠭᠠᠨ ᠲᠠᠢ ᠪᠤᠯᠬᠤ ᠪᠦᠭᠡᠳ ᠪᠤᠰᠤᠳ ᠭᠠᠵᠠᠷ ᠤᠨ ᠬᠢ ᠴᠤ ᠲᠡᠨ ᠤ ᠠᠳᠡ ᠠᠴᠠ ᠰᠤᠷᠤᠯᠴᠠᠵᠤ ᠪᠤᠯᠤᠨ᠎ᠠ᠃ ᠡᠨᠡ ᠲᠠᠯ᠎ᠠ ᠪᠠᠷ ᠪᠢᠳᠡ ᠦᠪᠦᠷ ᠮᠤᠩᠭᠤᠯ ᠤᠨ ᠡᠯ᠎ᠠ ᠶᠡᠭᠡ ᠳᠡᠭᠡᠳᠦ ᠰᠤᠷᠭᠠᠭᠤᠯᠢ ᠶᠢᠨ ᠬᠢᠨ ᠪᠤᠶᠤ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ ᠰᠤᠳᠤᠯᠭᠠᠨ ᠤ ᠪᠠᠶᠢᠭᠤᠯᠤᠮᠵᠢ ᠲᠠᠢ ᠬᠠᠮᠳᠤᠷᠠᠨ ᠠᠵᠢᠯᠯᠠᠵᠤ ᠪᠤᠯᠤᠨ᠎ᠠ᠃ ᠡᠨᠡ ᠨᠢ ᠬᠦᠴᠢᠷ ᠠᠰᠠᠭᠤᠳᠠᠯ ᠪᠢᠰᠢ᠂ ᠬᠦᠴᠢᠷ ᠨᠢ ᠬᠠᠷᠢᠴᠠᠭᠤᠯᠤᠭᠰᠠᠨ ᠰᠤᠳᠤᠯᠭᠠᠨ ᠬᠢᠬᠦ ᠪᠤᠯᠤᠨ᠎ᠠ᠂ ᠬᠠᠷᠢᠴᠠᠭᠤᠯᠤᠭᠰᠠᠨ ᠰᠤᠳᠤᠯᠭᠠᠨ ᠬᠢᠬᠦ ᠳᠤ ᠨᠢᠭᠡ ᠬᠤᠶᠠᠷ ᠵᠢᠯ ᠤᠨ ᠲᠤᠳᠤᠷ᠎ᠠ ᠪᠤᠯᠬᠤ ᠶᠠᠭᠤᠮ᠎ᠠ ᠪᠢᠰᠢ᠂ ᠭᠤᠷᠪᠠ ᠲᠠᠪᠤᠨ ᠵᠢᠯ ᠬᠡᠷᠡᠭᠰᠡᠬᠦ ᠮᠠᠭᠠᠳ᠃ ᠲᠡᠭᠡᠪᠡᠯ ᠦᠷ᠎ᠠ ᠪᠦᠲᠦᠭᠡᠯ ᠭᠠᠷᠴᠤ ᠪᠤᠯᠬᠤ ᠮᠦᠷᠳᠡᠭᠡᠨ ᠲᠤᠮᠤ ᠦᠷ᠎ᠠ ᠪᠦᠲᠦᠭᠡᠯ ᠭᠠᠷᠴᠤ ᠪᠤᠯᠤᠨ᠎ᠠ᠃ ᠡᠨᠡ ᠪᠤᠯ ᠵᠠᠪᠠᠯ ᠬᠢᠬᠦ ᠴᠢᠬᠤᠯᠠ ᠲᠠᠢ ᠠᠵᠢᠯ ᠪᠤᠯᠤᠨ᠎ᠠ᠃ ᠦᠭᠡᠢ ᠪᠤᠯ ᠦᠪᠡᠷ ᠢᠶᠠᠨ ᠴᠤ ᠲᠤᠳᠤᠷᠬᠠᠢ ᠬᠡᠯᠡᠵᠦ ᠴᠢᠳᠠᠬᠤ ᠦᠭᠡᠢ᠂ ︽ᠬᠤᠴᠤᠷᠤᠩᠭᠤᠢ ᠴᠦ ᠶᠤᠮ ᠤᠤ︾ ᠭᠡᠵᠦ ᠪᠤᠳᠤᠬᠤ ᠪᠤᠯᠤᠨ᠎ᠠ᠃ 
              ᠵᠤᠰᠯᠠᠩ ᠤᠨ ᠦᠵᠡᠮᠵᠢ                                    ᠪᠠᠢ ᠰᠢᠶᠠᠨ ᠰᠡᠬᠦᠳᠡᠷᠯᠡᠪᠠ      ᠲᠤᠰᠬᠠᠢ ᠮᠡᠷᠭᠡᠵᠢᠯᠳᠡᠨ ᠶᠤᠸᠠᠨ ᠯᠢ ︵ᠳᠤᠮᠳᠠᠳᠤ ᠤᠯᠤᠰ ᠤᠨ ᠤᠷᠠᠯᠢᠭ ᠰᠤᠳᠤᠯᠬᠤ ᠬᠦᠷᠢᠶᠡᠯᠡᠩ ᠤᠨ ᠰᠤᠳᠤᠯᠤᠭᠴᠢ᠂ ᠪᠤᠳᠠᠰ ᠤᠨ ᠪᠤᠰᠤ ᠰᠤᠶᠤᠯ ᠤᠨ ᠦᠪ ᠤᠨ ᠲᠤᠰᠬᠠᠢ ᠮᠡᠷᠭᠡᠵᠢᠯᠳᠡᠨ︶᠄ ᠮᠢᠨᠤ ᠤᠪᠤᠷ ᠮᠠᠰᠢ ᠲᠤᠳᠤ᠂ ᠮᠢᠨᠤ ᠦᠵᠡᠬᠦ ᠪᠠᠷ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ ᠪᠤᠯ ᠮᠠᠰᠢ ᠰᠠᠶᠢᠨ ᠲᠦᠷᠦᠯ ᠵᠦᠢᠯ᠃ ᠡᠨᠡ ᠬᠦ ᠲᠦᠷᠦᠯ ᠵᠦᠢᠯ ᠳᠤ ᠭᠤᠷᠪᠠᠨ ᠳᠠᠪᠠᠭᠤᠯᠢᠭ ᠪᠤᠢ᠃ ᠨᠢᠭᠡ ᠨᠢ ᠳᠠᠷᠤᠢ ᠲᠡᠭᠦᠨ ᠤ ᠦᠪᠡᠷᠮᠢᠴᠡ ᠰᠢᠨᠵᠢ᠃ ᠮᠠᠨ ᠤ ᠤᠯᠤᠰ ᠲᠤ ᠤᠳᠤ ᠤᠯᠤᠰ ᠤᠨ ᠳᠡᠰ ᠤᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ 91 ᠪᠤᠢ᠂ ᠳᠡᠯᠡᠬᠡᠢ ᠶᠢᠨ ᠳᠡᠰ ᠤᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ 15 ᠪᠤᠢ᠃ ᠡᠭᠦᠨ ᠤ ᠲᠤᠳᠤᠷ᠎ᠠ ᠶᠡᠬᠡᠩᠬᠢ ᠨᠢ ᠲᠠᠷᠢᠶᠠᠯᠠᠩ ᠤᠨ ᠦᠪ ᠪᠦᠭᠡᠳ ᠱᠠᠳᠤᠨ ᠲᠠᠷᠢᠶᠠᠨ ᠤ ᠦᠪ ᠬᠠᠮᠤᠭ ᠤᠯᠠᠨ᠃ ᠳᠡᠭᠡᠬᠦ ᠪᠠᠷ ᠨᠠᠳᠠ ᠳᠤ ᠳᠠᠬᠢᠵᠤ ᠱᠠᠳᠤᠨ ᠲᠠᠷᠢᠶ᠎ᠠ ᠭᠡᠵᠦ ᠶᠠᠷᠢᠪᠠᠯ ᠨᠢᠭᠡᠨᠳᠡ ᠰᠤᠨᠢᠷᠬᠠᠯ ᠦᠭᠡᠢ ᠪᠤᠯᠵᠠᠢ᠃ ᠬᠠᠷᠢᠨ ᠲᠠᠨ ᠤ ᠨᠡᠭᠦᠳᠡᠯ ᠮᠠᠯᠵᠢᠯ ᠤᠨ ᠰᠢᠰᠲ᠋ᠧᠮ ᠨᠢ ᠡᠳᠡᠭᠡᠷ ᠲᠠᠢ ᠪᠦᠷ ᠠᠳᠠᠯᠢ ᠦᠭᠡᠢ ᠪᠦᠭᠡᠳ ᠵᠢᠩᠬᠢᠨᠢ᠂ ᠤᠯᠠᠮᠵᠢᠯᠠᠯᠳᠤ ᠰᠠᠶᠢᠨ ᠵᠦᠢᠯ ᠪᠤᠯᠤᠨ᠎ᠠ᠃ ᠡᠨᠡ ᠪᠤᠯ ᠮᠠᠰᠢ ᠶᠡᠭᠡ ᠳᠠᠪᠠᠭᠤᠯᠢᠭ᠃ ᠨᠦᠬᠦᠭᠡ ᠲᠠᠯ᠎ᠠ ᠪᠠᠷ ᠲᠠᠨ ᠤ ᠨᠡᠭᠦᠳᠡᠯ ᠮᠠᠯᠵᠢᠯ ᠤᠨ ᠰᠢᠰᠲ᠋ᠧᠮ ᠪᠤᠯ ᠤᠷᠴᠢᠨ ᠲᠤᠭᠤᠷᠢᠨ ᠢ ᠡᠪᠳᠡᠬᠦ ᠦᠭᠡᠢ᠂ ᠦᠷᠭᠦᠯᠵᠢᠯᠡᠬᠦ ᠬᠦᠭᠵᠢᠯᠳᠡ ᠶᠢᠨ ᠵᠦᠢᠯ ᠪᠤᠯᠤᠨ᠎ᠠ᠃ ᠡᠨᠡ ᠪᠤᠯ ᠡᠪᠦᠭᠡ ᠳᠡᠭᠡᠳᠦᠰ ᠠᠴᠠ ᠪᠠᠨ ᠤᠯᠠᠮᠵᠢᠯᠠᠭᠰᠠᠨ ᠤᠢ ᠪᠢᠯᠢᠭ ᠪᠤᠯᠤᠨ᠎ᠠ᠃ ᠮᠢᠨᠤ ᠦᠵᠡᠭᠰᠡᠨ ᠨᠢᠭᠡ ᠨᠤᠮ ᠳᠤ ᠴᠢᠩᠬᠢᠰ ᠬᠠᠭᠠᠨ ᠢᠩᠬᠢᠵᠦ ᠬᠡᠯᠡᠵᠦ ᠪᠠᠶᠢᠭᠰᠠᠨ᠄ ︽ᠮᠠᠨ ᠤ ᠮᠤᠩᠭᠤᠯᠴᠤᠳ ᠬᠡᠷᠪᠡ ᠰᠠᠭᠤᠷᠢᠰᠢᠨ ᠠᠮᠢᠳᠤᠷᠠᠵᠤ᠂ ᠪᠠᠶᠢᠰᠢᠩ ᠭᠡᠷ ᠲᠤᠳᠤᠷ᠎ᠠ ᠠᠮᠢᠳᠤᠷᠠᠴᠢᠬᠠᠪᠠᠯ ᠮᠤᠩᠭᠤᠯ ᠦᠨᠳᠦᠰᠦᠲᠡᠨ ᠭᠡᠵᠦ ᠦᠭᠡᠢ ᠪᠤᠯᠴᠢᠬᠠᠨ᠎ᠠ᠃︾ ᠮᠢᠨᠤ ᠦᠵᠡᠬᠦ ᠪᠠᠷ ᠡᠨᠡ ᠦᠭᠡ ᠤᠷᠤ ᠲᠠᠢ᠃ ᠮᠢᠨᠤ ᠬᠤᠪᠢ ᠎ ᠳᠤ᠂ ᠲᠠᠨ ᠤ ᠡᠶᠢᠨ ᠬᠦ ᠨᠡᠭᠦᠳᠡᠯ ᠮᠠᠯᠵᠢᠯ ᠤᠨ ᠠᠷᠭ᠎ᠠ ᠬᠡᠯᠪᠡᠷᠢ ᠨᠢ ᠨᠢᠭᠡ ᠳᠤ ᠤᠯᠠᠮᠵᠢᠯᠠᠯ ᠢ ᠲᠦᠯᠦᠭᠡᠯᠡᠵᠦ᠂ ᠬᠤᠶᠠᠷ ᠲᠤ ᠦᠷᠭᠦᠯᠵᠢᠯᠡᠬᠦ ᠬᠦᠭᠵᠢᠯᠳᠡ ᠶᠢ ᠲᠦᠯᠦᠭᠡᠯᠡᠵᠦ᠂ ᠭᠤᠷᠪᠠ ᠳᠤ᠂ ᠲᠡᠷᠢᠭᠦᠨ ᠤ ᠨᠡᠭᠦᠳᠡᠯ ᠮᠠᠯᠵᠢᠯ ᠤᠨ ᠰᠤᠶᠤᠯ ᠤᠨ ᠤᠷᠤᠭᠰᠢᠯᠠᠬᠤ ᠴᠢᠭᠯᠡᠯ ᠢ ᠲᠦᠯᠦᠭᠡᠯᠡᠵᠦ ᠪᠠᠶᠢᠳᠠᠭ᠂ ᠬᠤᠶᠢᠰᠢᠳᠠ ᠡᠶᠢᠨ ᠬᠦ ᠨᠡᠭᠦᠳᠡᠯ ᠮᠠᠯᠵᠢᠯ ᠤᠨ ᠠᠮᠢᠳᠤᠷᠠᠯ ᠤᠨ ᠠᠷᠭ᠎ᠠ ᠬᠡᠯᠪᠡᠷᠢ ᠪᠤᠴᠠᠵᠤ ᠢᠷᠡᠬᠦ ᠪᠤᠯᠤᠮᠵᠢ ᠲᠠᠢ ᠭᠡᠵᠦ ᠪᠢ ᠦᠵᠡᠳᠡᠭ᠃ ᠡᠭᠦᠨ ᠢ ᠨᠡᠭᠡᠷᠡᠨ ᠬᠡᠯᠡᠵᠦ ᠮᠡᠳᠡᠬᠦ ᠦᠭᠡᠢ᠃ ᠵᠢᠱᠢᠶᠡᠯᠡᠨ ᠬᠡᠯᠡᠬᠦ ᠳᠤ᠂ ᠪᠢᠳᠡ ᠬᠢᠮᠢ ᠶᠢᠨ ᠠᠷᠭ᠎ᠠ ᠪᠠᠷ ᠪᠤᠷᠴᠠᠭ ᠤᠨ ᠲᠤᠰᠤ ᠰᠢᠬᠠᠭᠰᠠᠭᠠᠷ ᠪᠠᠶᠢᠵᠤ᠂ ᠡᠨᠡ ᠠᠷᠭ᠎ᠠ ᠨᠢ ᠤᠤᠯ ᠤᠨ ᠤᠯᠠᠮᠵᠢᠯᠠᠯᠳᠦ ᠭᠦᠢᠳᠡᠨ ᠬᠡᠪᠰᠢᠭᠦᠯᠭᠡ ᠶᠢᠨ ᠠᠷᠭ᠎ᠠ ᠶᠢ ᠬᠦᠷᠬᠦ ᠦᠭᠡᠢ ᠪᠠᠶᠢᠬᠤ ᠶᠢ ᠮᠡᠳᠡᠭᠰᠡᠨ᠃ ᠲᠡᠭᠡᠬᠦ ᠪᠠᠷ᠂ ᠲᠠᠨ ᠤ ᠨᠡᠭᠦᠳᠡᠯ ᠮᠠᠯᠵᠢᠯ ᠤᠨ ᠰᠢᠰᠲ᠋ᠧᠮ ᠢ ᠳᠡᠯᠡᠬᠡᠢ ᠶᠢᠨ ᠦᠪ ᠲᠤ ᠪᠦᠷᠢᠳᠭᠡᠭᠦᠯᠦᠨ᠎ᠠ ᠭᠡᠭᠴᠢ ᠬᠦᠮᠦᠨ ᠲᠦᠷᠦᠯᠬᠢᠳᠡᠨ ᠤ ᠮᠠᠯᠵᠢᠬᠤ ᠦᠢᠯᠡᠳᠪᠤᠷᠢᠯᠡᠯ ᠳᠤ ᠨᠢᠭᠡ ᠵᠦᠢᠯ ᠤᠨ ᠬᠡᠪ ᠵᠠᠭᠪᠤᠷ ᠦᠯᠡᠳᠡᠭᠡᠨ ᠦᠭᠴᠤ᠂ ᠡᠨᠡ ᠪᠤᠯ ᠨᠢᠭᠡ ᠵᠦᠢᠯ ᠤᠨ ᠮᠠᠰᠢ ᠴᠢᠬᠤᠯᠠ ᠠᠷᠭ᠎ᠠ ᠵᠠᠮ ᠪᠤᠯᠬᠤ ᠶᠢ ᠵᠢᠭᠠᠵᠤ ᠦᠭᠬᠦ ᠵᠠᠪᠤᠳᠠᠯ ᠪᠤᠯᠤᠨ᠎ᠠ᠃ ᠡᠨᠡ ᠪᠤᠯ ᠡᠭᠦᠨ ᠢ ᠳᠡᠯᠡᠬᠡᠢ ᠶᠢᠨ ᠦᠪ ᠲᠤ ᠪᠦᠷᠢᠳᠭᠡᠭᠦᠯᠬᠦ ᠶᠢᠨ ᠴᠢᠬᠤᠯᠠ ᠤᠳᠬ᠎ᠠ ᠤᠴᠢᠷ ᠪᠤᠯᠤᠨ᠎ᠠ᠃ ᠬᠤᠶᠠᠳᠤᠭᠠᠷ ᠳᠠᠪᠠᠭᠤᠯᠢᠭ ᠭᠡᠪᠡᠯ᠂ ᠡᠨᠡ ᠬᠦ ᠲᠦᠷᠦᠯ ᠵᠦᠢᠯ ᠳᠤ ᠮᠠᠰᠢ ᠰᠠᠶᠢᠨ ᠬᠦᠮᠦᠨ ᠰᠤᠶᠤᠯ ᠤᠨ ᠠᠮᠢ ᠠᠬᠤᠢ ᠶᠢᠨ ᠤᠷᠴᠢᠨ ᠲᠤᠭᠤᠷᠢᠨ ᠲᠠᠢ᠃ ᠳᠠᠨ ᠤ ᠠᠳᠡᠬᠢ ᠮᠠᠯ ᠤᠨ ᠠᠰᠢᠭ ᠰᠢᠮ᠎ᠠ ᠶᠢᠨ ᠪᠦᠲᠦᠭᠡᠭᠳᠡᠭᠦᠨ ᠪᠤᠯ ᠢᠳᠡᠭᠡᠯ ᠪᠢᠰᠢᠷᠡᠯ ᠠᠭᠤᠯᠤᠭᠳᠠᠬᠤ ᠪᠤᠬᠢᠷᠳᠦᠯ ᠦᠭᠡᠢ ᠪᠦᠲᠦᠭᠡᠭᠳᠡᠭᠦᠨ᠃ ᠮᠤᠩᠭᠤᠯᠴᠤᠳ ᠪᠠᠶᠢᠭᠠᠯᠢ ᠳᠡᠯᠡᠬᠡᠢ ᠶᠢ ᠰᠢᠳᠦᠨ ᠳᠡᠭᠡᠳᠦᠯᠡᠵᠦ᠂ ᠡᠨᠡ ᠬᠦ ᠰᠢᠳᠦᠯᠭᠡ ᠪᠢᠰᠢᠷᠡᠯ ᠳᠡᠭᠡᠨ ᠰᠠᠭᠤᠷᠢᠯᠠᠵᠤ᠂ ᠤᠷᠴᠢᠨ ᠲᠤᠭᠤᠷᠢᠨ ᠢ ᠮᠠᠰᠢ ᠰᠠᠶᠢᠨ ᠬᠠᠮᠠᠭᠠᠯᠠᠳᠠᠭ᠂ ᠤᠰᠤ ᠶᠢ ᠪᠤᠬᠢᠷᠳᠤᠭᠤᠯᠬᠤ ᠶᠢ ᠴᠡᠭᠡᠷᠯᠡᠳᠡᠭ᠂ ᠲᠠᠯ᠎ᠠ ᠳᠡᠭᠡᠷ᠎ᠠ ᠬᠤᠭ ᠨᠤᠪᠰᠢ ᠬᠠᠶᠠᠬᠤ ᠶᠢ ᠴᠡᠭᠡᠷᠯᠡᠳᠡᠭ᠃ ᠡᠶᠢᠨ ᠬᠦ ᠰᠢᠳᠦᠯᠭᠡ ᠪᠢᠰᠢᠷᠡᠯ ᠪᠤᠯ ᠬᠠᠮᠤᠭ ᠰᠠᠶᠢᠨ ᠶᠠᠭᠤᠮ᠎ᠠ᠂ ᠬᠠᠮᠤᠭ ᠨᠠᠶᠢᠳᠠᠪᠤᠷᠢᠳᠠᠢ ᠶᠠᠭᠤᠮ᠎ᠠ᠃ ᠡᠨᠡ ᠪᠤᠯ ᠮᠡᠷᠭᠡᠵᠢᠯ ᠪᠠ ᠳᠦᠷᠢᠮ ᠠᠴᠠ ᠳᠠᠪᠠᠭᠰᠠᠨ ᠵᠦᠭᠡᠯᠡᠨ ᠪᠤᠳᠠᠳᠤ ᠬᠦᠴᠦᠨ᠃ ᠡᠨᠡ ᠪᠤᠯ ᠪᠢᠳᠡᠨ ᠤ ᠬᠦᠮᠦᠨ ᠪᠦᠬᠦᠨ ᠤ ᠰᠤᠷᠤᠯᠴᠠᠭᠤᠰᠢᠳᠠᠢ ᠵᠦᠢᠯ ᠪᠤᠯᠤᠨ᠎ᠠ᠃ ᠭᠤᠷᠪᠠᠳᠤᠭᠠᠷ ᠳᠠᠪᠠᠭᠤᠯᠢᠭ ᠭᠡᠪᠡᠯ᠂ ᠲᠠᠨ ᠤ ᠠᠳᠡ ᠮᠠᠰᠢ ᠰᠠᠶᠢᠨ ᠪᠠᠶᠢᠭᠠᠯᠢ ᠤᠷᠴᠢᠨ ᠲᠠᠢ᠃ ᠬᠤᠶᠠᠷ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠪᠤᠢ᠂ ᠤᠯᠠᠨ ᠢᠶᠠᠷ ᠢᠶᠠᠨ ᠪᠦᠷ ᠬᠠᠷᠠᠭᠰᠠᠨ᠂ ᠮᠠᠰᠢ ᠭᠤᠶᠤ᠃ ᠪᠢᠳᠡ ︽ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠳᠠ ᠮᠦᠩᠭᠦᠨ ᠠᠭᠤᠯᠠ ᠮᠦᠨ︾ ᠭᠡᠬᠦ ᠤᠢᠢᠯᠠᠭᠠᠭᠳᠠᠬᠤᠨ ᠢ ᠡᠷᠬᠡᠪᠰᠢ ᠪᠠᠳᠤ ᠴᠡᠭᠡᠵᠢᠯᠡᠬᠦ ᠬᠡᠷᠡᠭᠳᠠᠢ᠃ ᠪᠢᠳᠡ ᠤᠳᠤ ᠨᠡᠭᠦᠳᠡᠯ ᠮᠠᠯᠵᠢᠯ ᠤᠨ ᠰᠢᠰᠲ᠋ᠧᠮ ᠭᠡᠵᠦ ᠳᠤᠷᠠᠳᠴᠤ ᠪᠠᠶᠢᠭ᠎ᠠ ᠨᠢ᠂ ᠲᠡᠭᠦᠨ ᠤ ᠬᠡᠳᠦᠢ ᠦᠭᠡᠷ ᠤᠨ ᠮᠢᠬ᠎ᠠ ᠬᠤᠨᠢᠨ ᠤ ᠮᠢᠬᠠᠨ ᠤ ᠭᠠᠷᠤᠯᠳᠠ ᠲᠠᠢ ᠳᠤ ᠪᠠᠶᠢᠬᠤ ᠲᠡᠳᠦᠢ ᠪᠢᠰᠢ᠂ ᠬᠠᠷᠢᠨ ᠡᠨᠡ ᠪᠤᠯ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠲᠦᠷᠦᠯ ᠵᠦᠢᠯ ᠪᠤᠯᠬᠤ ᠳᠤ ᠪᠤᠢ᠃ ᠡᠨᠡ ᠨᠢ ᠤᠳᠤᠬᠠᠨ ᠳᠠᠭᠠᠨ ᠵᠤᠭᠤᠰ ᠤᠯᠬᠤ ᠳᠤ ᠪᠡᠷᠬᠡ᠃ ᠭᠡᠪᠡᠴᠤ ᠤᠯᠤᠰ ᠠᠴᠠ ᠡᠷᠳᠡ ᠤᠷᠤᠢ ᠦᠭᠡᠢ ᠲᠠᠨ ᠤ ᠪᠠᠶᠢᠭᠠᠯᠢ ᠨᠤᠳᠤᠭ ᠢᠶᠠᠨ ᠡᠶᠢᠨ ᠬᠦ ᠰᠠᠶᠢᠬᠠᠨ ᠬᠠᠮᠠᠭᠠᠯᠠᠵᠤ ᠪᠠᠶᠢᠭ᠎ᠠ ᠳᠤ ᠵᠤᠭᠤᠰ ᠮᠦᠩᠬᠦ ᠦᠭᠬᠦ ᠪᠤᠯᠤᠨ᠎ᠠ᠃ ᠳᠠᠷᠠᠭ᠎ᠠ ᠪᠠᠷ ᠲᠠᠨ ᠤ ᠡᠨᠡ ᠭᠠᠵᠠᠷ ᠨᠡᠷ᠎ᠠ ᠮᠠᠨᠳᠤᠪᠠᠯ᠂ ᠲᠠᠨ ᠤ ᠠᠳᠡᠬᠢ ᠶᠠᠭᠤᠮ᠎ᠠ ᠴᠤ ᠦᠨᠡᠳᠠᠢ ᠪᠤᠯᠬᠤ ᠨᠢ ᠳᠠᠮᠵᠢᠭ ᠦᠭᠡᠢ᠃ ᠲᠠᠨ ᠤ ᠠᠳᠡ ᠡᠶᠢᠮᠦ ᠰᠠᠶᠢᠨ ᠶᠠᠭᠤᠮ᠎ᠠ ᠪᠤᠢ᠂ ᠪᠤᠰᠤᠳ ᠭᠠᠵᠠᠷ ᠤᠨ ᠬᠤᠨᠢ ᠪᠦᠷ ᠬᠠᠰᠢᠶᠠᠨ ᠳᠤ ᠳᠡᠵᠢᠭᠡᠳᠡᠭ᠂ ᠲᠠᠨ ᠤ ᠠᠳᠡᠬᠢ ᠬᠤᠨᠢ ᠪᠤᠯ ᠴᠢᠯᠦᠭᠡᠳᠠᠢ ᠨᠠᠭᠠᠰᠢ ᠴᠠᠭᠠᠰᠢ ᠶᠠᠪᠤᠳᠠᠭ᠂ ᠲᠠᠯ᠎ᠠ ᠨᠤᠳᠤᠭ ᠲᠤ᠂ ᠰᠠᠶᠢᠨ ᠰᠠᠶᠢᠬᠠᠨ ᠪᠠᠶᠢᠭᠠᠯᠢ ᠤᠷᠴᠢᠨ ᠳᠠᠭᠠᠨ ᠡᠷ᠎ᠠ ᠡᠮ᠎ᠠ ᠬᠤᠨᠢ ᠢᠨᠠᠭᠯᠠᠴᠢᠬᠠᠭᠰᠠᠨ ᠵᠤᠯ ᠵᠢᠷᠭᠠᠯᠳᠠᠢ ᠨᠢᠭᠡ ᠨᠠᠰᠤ ᠪᠠᠨ ᠦᠩᠭᠡᠷᠡᠭᠦᠯᠵᠦ ᠪᠠᠶᠢᠳᠠᠭ᠃ ᠡᠨᠡ ᠬᠤᠨᠢᠨ ᠤ ᠰᠡᠳᠬᠢᠯ ᠰᠠᠨᠠᠭ᠎ᠠ ᠨᠢ ᠪᠠᠶᠠᠰᠤᠩᠭᠤᠢ ᠪᠤᠯ ᠮᠢᠬ᠎ᠠ ᠨᠢ ᠯᠠᠪᠳᠠᠢ ᠠᠮᠳᠠ ᠲᠠᠢ ᠪᠠᠶᠢᠯᠭᠦᠢ᠃ ᠭᠡᠬᠦ ᠳᠤ ᠲᠠᠨ ᠤ ᠤᠬᠠᠭᠤᠯᠭ᠎ᠠ ᠬᠦᠷᠦᠯᠴᠡᠬᠦ ᠦᠭᠡᠢ ᠪᠠᠶᠢᠨ᠎ᠠ᠃ ᠪᠤᠰᠤᠳ ᠬᠦᠮᠦᠰ ᠲᠠᠨ ᠤ ᠠᠳᠡᠬᠢ ᠬᠤᠨᠢᠨ ᠤ ᠮᠢᠬ᠎ᠠ ᠨᠢ ᠪᠤᠰᠤᠳ ᠭᠠᠵᠠᠷ ᠤᠨ ᠬᠢ ᠲᠠᠢ ᠠᠳᠠᠯᠢᠬᠠᠨ᠂ ᠲᠡᠷᠡᠴᠢᠯᠡᠨ ᠪᠤᠰᠤᠳ ᠤᠨ ᠬᠢ ᠶᠢ ᠬᠦᠷᠬᠦ ᠦᠭᠡᠢ ᠭᠡᠵᠦ ᠪᠤᠳᠤᠳᠠᠭ᠃ ᠪᠢᠳᠡ ᠬᠤᠳᠠᠯ ᠦᠭᠡ ᠶᠠᠷᠢᠵᠤ᠂ ᠬᠤᠭᠤᠰᠤᠨ ᠤᠩᠬᠢᠷᠠᠬᠤ ᠴᠢᠬᠤᠯᠠ ᠦᠭᠡᠢ ᠴᠤ᠂ ᠦᠪᠡᠷ ᠤᠨ ᠳᠠᠪᠠᠭᠤᠯᠢᠭ ᠢᠶᠠᠨ ᠦᠨᠡᠨ ᠬᠦ ᠬᠡᠯᠡᠵᠦ ᠭᠠᠷᠭᠠᠬᠤ ᠬᠡᠷᠡᠭᠳᠠᠢ᠃ ᠡᠨᠡ ᠪᠤᠯ ᠶᠡᠭᠡ ᠢᠨᠵᠧᠨᠧᠷᠢᠩ᠂ ᠡᠷᠬᠡᠪᠰᠢ ᠰᠠᠶᠢᠳᠦᠷ ᠬᠢᠬᠦ ᠬᠡᠷᠡᠭᠳᠠᠢ᠃
              ᠬᠡᠬᠦᠦ ᠰᠠᠭᠠᠨ᠎ᠠ        ᠲᠤᠰᠬᠠᠢ ᠮᠡᠷᠭᠡᠵᠢᠯᠳᠡᠨ ᠮᠢᠨ ᠴᠢᠩ ᠸᠧᠨ ︵ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠰᠢᠨᠵᠢᠯᠡᠬᠦ ᠤᠬᠠᠭᠠᠨᠴᠢ ᠵᠦᠪᠯᠡᠯᠭᠡ ᠦᠭᠬᠦ ᠲᠤᠭᠤᠢᠢᠯᠠᠩ ᠤᠨ ᠳᠡᠳ᠋ ᠲᠡᠷᠢᠭᠦᠯᠡᠭᠴᠢ︶᠄ ᠪᠢᠳᠡ ᠤᠬᠠᠭᠤᠯᠭ᠎ᠠ ᠪᠠᠨ ᠴᠢᠩᠭᠠᠳᠬᠠᠬᠤ ᠬᠡᠷᠡᠭᠳᠠᠢ ᠪᠠᠶᠢᠨ᠎ᠠ᠃ ᠡᠭᠦᠨ ᠳᠤ ᠲᠤᠳᠤᠭᠠᠳᠤ ᠳᠠᠭᠠᠨ ᠬᠠᠮᠳᠤ ᠶᠢᠨ ᠲᠠᠨᠢᠯᠳᠠ ᠪᠠᠨ ᠨᠢᠭᠡᠳᠭᠡᠬᠦ ᠬᠡᠷᠡᠭᠳᠠᠢ᠃ ᠠᠳᠠᠯᠢ ᠪᠤᠰᠤ ᠰᠠᠯᠠᠭ᠎ᠠ ᠮᠦᠴᠢᠷ ᠤᠨ ᠬᠢᠨ ᠪᠦᠷ ᠡᠨᠡᠬᠦ ᠨᠡᠭᠦᠳᠡᠯ ᠮᠠᠯᠵᠢᠯ ᠤᠨ ᠰᠢᠰᠲ᠋ᠧᠮ ᠢᠶᠠᠨ ᠤᠢᠢᠯᠠᠭᠠᠬᠤ ᠬᠡᠷᠡᠭᠳᠠᠢ ᠪᠦᠭᠡᠳ ᠡᠨᠡᠬᠦ ᠰᠢᠰᠲ᠋ᠧᠮ ᠤᠨ ᠳᠤᠮᠳᠠ ᠶᠠᠮᠠᠷ ᠳᠦᠷᠢ ᠪᠤᠯᠵᠤ᠂ ᠶᠠᠮᠠᠷ ᠪᠠᠶᠢᠷᠢ ᠳᠤ ᠵᠤᠭᠰᠤᠵᠤ᠂ ᠶᠠᠮᠠᠷ ᠠᠵᠢᠯ ᠬᠢᠪᠡᠯ ᠵᠤᠬᠢᠬᠤ ᠪᠠᠨ ᠮᠡᠳᠡᠬᠦ ᠬᠡᠷᠡᠭᠳᠠᠢ᠃ ᠡᠭᠦᠨ ᠤ ᠬᠠᠮᠳᠤ ᠭᠠᠳᠠᠭᠠᠳᠦ ᠤᠬᠠᠭᠤᠯᠭ᠎ᠠ ᠪᠠᠨ ᠦᠷᠭᠡᠳᠭᠡᠬᠦ ᠬᠡᠷᠡᠭᠳᠠᠢ᠃ ᠡᠨᠡ ᠮᠠᠰᠢ ᠴᠢᠬᠤᠯᠠ᠃ ᠪᠢᠳᠡ ᠨᠡᠭᠦᠳᠡᠯ ᠮᠠᠯᠵᠢᠯ ᠤᠨ ᠰᠢᠰᠲ᠋ᠧᠮ ᠤᠨ ᠤᠳᠬ᠎ᠠ ᠠᠭᠤᠯᠭ᠎ᠠ᠂ ᠦᠨ᠎ᠠ ᠦᠷᠳᠡᠭ ᠢ ᠭᠠᠳᠠᠭᠰᠢ ᠪᠠᠨ ᠤᠬᠠᠭᠤᠯᠬᠤ ᠬᠡᠷᠡᠭᠳᠠᠢ᠂ ᠠᠷᠤ ᠬᠤᠷᠴᠢᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠤᠨ ᠤᠳᠤᠬᠢ ᠪᠠᠶᠢᠳᠠᠯ᠂ ᠤᠳᠬ᠎ᠠ ᠠᠭᠤᠯᠭ᠎ᠠ ᠶᠢ ᠭᠠᠳᠠᠭᠰᠢ ᠤᠬᠠᠭᠤᠯᠬᠤ ᠬᠡᠷᠡᠭᠳᠠᠢ᠃ ᠡᠭᠦᠨ ᠳᠤ ᠵᠠᠭᠤᠴᠢᠯᠠᠭᠤᠷ ᠤᠨ ᠤᠬᠠᠭᠤᠯᠭ᠎ᠠ ᠬᠡᠷᠡᠭᠳᠠᠢ ᠠᠴᠠ ᠭᠠᠳᠠᠨ᠎ᠠ᠂ ᠰᠢᠨᠵᠢᠯᠠᠬᠦ ᠤᠬᠠᠭᠠᠨ ᠤ ᠰᠤᠳᠤᠯᠭᠠᠨ ᠤ ᠲᠠᠯ᠎ᠠ ᠶᠢᠨ ᠬᠢᠨ ᠤ ᠤᠬᠠᠭᠤᠯᠭ᠎ᠠ ᠴᠤ ᠮᠠᠰᠢ ᠴᠢᠬᠤᠯᠠ᠂ ᠡᠨᠡ ᠨᠢ ᠵᠠᠷᠢᠮ ᠳᠠᠭᠠᠨ ᠨᠡᠩ ᠴᠢᠬᠤᠯᠠ ᠦᠢᠯᠡᠳᠦᠯ ᠦᠵᠡᠭᠦᠯᠳᠡᠭ᠃          ᠳᠡᠯᠡᠬᠡᠢ ᠶᠢᠨ ᠦᠪ ᠲᠤ ᠪᠦᠷᠢᠳᠭᠡᠭᠦᠯᠬᠦ ᠨᠢ ᠶᠡᠭᠡ ᠠᠰᠠᠭᠤᠳᠠᠯ ᠪᠢᠰᠢ      ᠠᠷᠤ ᠬᠤᠷᠴᠢᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ 2016 ᠤᠨ ᠳᠤ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠪᠡᠯᠡᠳᠭᠡᠯ ᠲᠦᠷᠦᠯ ᠵᠦᠢᠯ ᠳᠤ ᠤᠷᠤᠪᠠ᠃ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ︵GIAHS︶ ᠭᠡᠬᠦ ᠪᠠᠷ ᠤᠬᠠᠭᠳᠠᠬᠤᠨ ᠤ ᠬᠤᠪᠢ ᠳᠤ ᠳᠡᠯᠡᠬᠡᠢ ᠶᠢᠨ ᠦᠪ ᠲᠠᠢ ᠲᠡᠩᠴᠡᠨ᠎ᠠ᠃ ᠲᠤᠰ ᠦᠪ ᠨᠢ ᠲᠤᠪᠤᠶᠢᠮ᠎ᠠ ᠤᠨᠴᠠᠯᠢᠭ᠂ ᠦᠷᠭᠦᠯᠵᠢᠯᠡᠬᠦ ᠴᠢᠨᠠᠷ ᠤᠨ ᠲᠡᠦᠬᠡᠨ ᠪᠠᠷᠢᠮᠳᠠ᠂ ᠪᠦᠬᠦ ᠳᠡᠯᠡᠬᠡᠢ ᠳᠠᠬᠢ ᠴᠢᠬᠤᠯᠠ ᠴᠢᠨᠠᠷ ᠭᠡᠬᠦ ᠭᠤᠷᠪᠠᠨ ᠲᠠᠯ᠎ᠠ ᠶᠢᠨ ᠦᠨᠳᠦᠰᠦᠨ ᠪᠠᠷᠢᠮᠵᠢᠶ᠎ᠠ ᠲᠠᠢ᠃ ᠳᠤᠪᠤᠶᠢᠮ᠎ᠠ ᠤᠨᠴᠠᠯᠢᠭ ᠲᠤ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ ᠪᠠ ᠠᠮᠢ ᠠᠬᠤᠢ ᠶᠢᠨ ᠰᠢᠰᠲ᠋ᠧᠮ ᠤᠨ ᠴᠢᠳᠠᠪᠬᠢ᠂ ᠦᠩᠭᠡ ᠦᠵᠡᠮᠵᠢ ᠬᠢᠭᠡᠳ ᠤᠰᠤᠨ ᠤ ᠡᠬᠢ ᠪᠠᠶᠠᠯᠢᠭ ᠤᠨ ᠬᠠᠮᠢᠶᠠᠷᠤᠯᠳᠠ ᠶᠢᠨ ᠤᠨᠴᠠᠯᠢᠭ᠂ ᠢᠳᠡᠭᠡᠨ ᠪᠠ ᠠᠵᠤ ᠠᠮᠢᠳᠤᠷᠠᠯ ᠤᠨ ᠠᠮᠦᠷ ᠲᠦᠪᠰᠢᠨ ᠴᠢᠨᠠᠷ᠂ ᠨᠡᠶᠢᠭᠡᠮ ᠤᠨ ᠵᠤᠬᠢᠶᠠᠨ ᠪᠠᠶᠢᠭᠤᠯᠤᠯᠳᠠ ᠬᠢᠭᠡᠳ ᠰᠤᠶᠤᠯ᠂ ᠮᠡᠳᠡᠯᠭᠡ ᠶᠢᠨ ᠰᠢᠰᠲ᠋ᠧᠮ ᠬᠢᠭᠡᠳ ᠮᠡᠷᠭᠡᠵᠢᠯ ᠵᠡᠷᠭᠡ ᠲᠠᠪᠤᠨ ᠲᠠᠯ᠎ᠠ ᠶᠢ ᠪᠠᠭᠳᠠᠭᠠᠬᠤ ᠬᠡᠷᠡᠭᠳᠠᠢ᠃      ᠠᠮᠢ ᠠᠬᠤᠢ ᠶᠢᠨ ᠬᠠᠮᠢᠶᠠᠷᠤᠯᠳᠠ ᠶᠢᠨ ᠤᠨᠴᠠᠯᠢᠭ ᠢᠶᠠᠷ ᠴᠤ᠂ ᠪᠠᠶᠢᠭᠠᠯᠢ ᠨᠤᠳᠤᠭ ᠤᠨ ᠦᠩᠭᠡ ᠦᠵᠡᠮᠵᠢ ᠪᠠᠷ ᠴᠤ᠂ ᠲᠡᠦᠬᠡ ᠰᠤᠶᠤᠯ ᠤᠨ ᠭᠦᠨᠴᠡ ᠪᠠᠷ ᠴᠤ ᠠᠷᠤ ᠬᠤᠷᠴᠢᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠢ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠭᠦᠯᠬᠦ ᠨᠢ ᠶᠡᠭᠡ ᠠᠰᠠᠭᠤᠳᠠᠯ ᠪᠤᠯᠬᠤ ᠦᠭᠡᠢ ᠭᠡᠵᠦ ᠲᠤᠰᠬᠠᠢ ᠮᠡᠷᠭᠡᠵᠢᠯᠳᠡᠳ ᠨᠡᠶᠢᠳᠡᠮ ᠦᠵᠡᠵᠦ ᠪᠤᠢ᠃ ᠵᠠᠯᠭᠠᠭᠠᠳ ᠰᠠᠭᠤᠷᠢ ᠰᠤᠳᠤᠯᠭᠠᠨ ᠬᠢᠬᠦ — ᠪᠢᠴᠢᠭ ᠮᠠᠲ᠋ᠧᠷᠢᠶᠠᠯ ᠲᠤᠭᠤᠷᠪᠢᠬᠤ — ᠲᠤᠰᠬᠠᠢ ᠮᠡᠷᠭᠡᠵᠢᠯᠳᠡᠨ ᠤ ᠠᠩᠬᠠᠨ ᠤ ᠰᠢᠭᠦᠯᠳᠡ — ᠲᠤᠰᠬᠠᠢ ᠮᠡᠷᠭᠡᠵᠢᠯᠳᠡᠨ ᠤ ᠰᠢᠨᠵᠢᠯᠡᠨ ᠪᠠᠶᠢᠴᠠᠭᠠᠯᠳᠠ — ᠲᠤᠰᠬᠠᠢ ᠮᠡᠷᠭᠡᠵᠢᠯᠳᠡᠨ ᠤ ᠬᠢᠨᠠᠨ ᠰᠢᠯᠭᠠᠷᠠᠭᠤᠯᠤᠯᠳᠠ ᠵᠡᠷᠭᠡ ᠶᠠᠪᠤᠴᠠ ᠶᠢ ᠦᠩᠭᠡᠷᠡᠭᠦᠯᠬᠦ ᠴᠢᠬᠤᠯᠠ ᠲᠠᠢ ᠲᠡᠳᠦᠢ᠃
              ᠡᠶ᠎ᠡ ᠵᠤᠬᠢᠴᠠᠯ        ᠲᠤᠰᠬᠠᠢ ᠮᠡᠷᠭᠡᠵᠢᠯᠳᠡᠨ ᠮᠢᠨ ᠴᠢᠩ ᠸᠧᠨ ︵ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠰᠢᠨᠵᠢᠯᠡᠬᠦ ᠤᠬᠠᠭᠠᠨᠴᠢ ᠵᠦᠪᠯᠡᠯᠭᠡ ᠦᠭᠬᠦ ᠲᠤᠭᠤᠢᠢᠯᠠᠩ ᠤᠨ ᠳᠡᠳ᠋ ᠲᠡᠷᠢᠭᠦᠯᠡᠭᠴᠢ︶᠄ ᠳᠡᠯᠡᠬᠡᠢ ᠶᠢᠨ ᠦᠪ ᠲᠤ ᠪᠦᠷᠢᠳᠭᠡᠭᠦᠯᠬᠦ ᠠᠰᠠᠭᠤᠳᠠᠯ ᠤᠨ ᠬᠤᠪᠢ ᠳᠤ᠂ ᠤᠳᠤ ‍ᠦᠩᠭᠡᠷᠡᠭᠰᠡᠨ ᠲᠠᠢ ᠠᠳᠠᠯᠢ ᠦᠭᠡᠢ ᠪᠤᠯᠵᠠᠢ᠃ ᠬᠢᠨᠠᠨ ᠪᠠᠶᠢᠴᠠᠭᠠᠬᠤ ᠴᠠᠭ ᠢ ᠤᠷᠳᠤᠳᠬᠠᠵᠤ᠂ ᠰᠢᠯᠭᠠᠷᠠᠭᠤᠯᠬᠤ ᠪᠠᠷᠢᠮᠵᠢᠶ᠎ᠠ ᠴᠢᠩᠭ᠎ᠠ ᠪᠤᠯᠵᠤ᠂ ᠲᠤᠰᠬᠠᠢ ᠮᠡᠷᠭᠡᠵᠢᠯᠳᠡᠨ ᠲᠤᠬᠠᠢ ᠶᠢᠨ ᠭᠠᠵᠠᠷ ᠲᠤ ᠰᠢᠨᠵᠢᠯᠡᠨ ᠪᠠᠶᠢᠴᠠᠭᠠᠬᠤ ᠭᠤᠭᠴᠤᠭ᠎ᠠ ᠨᠡᠮᠡᠭᠳᠡᠵᠠᠢ᠃ ᠲᠡᠭᠡᠬᠦ ᠮᠦᠷᠳᠡᠭᠡᠨ ᠲᠤᠰ ᠤᠯᠤᠰ ᠤᠨ ᠲᠤᠰᠬᠠᠢ ᠮᠡᠷᠭᠡᠵᠢᠯᠳᠡᠨ ᠲᠤᠰ ᠤᠯᠤᠰ ᠤᠨ ᠲᠦᠷᠦᠯ ᠵᠦᠢᠯ ᠤᠨ ᠰᠢᠨᠵᠢᠯᠠᠨ ᠪᠠᠶᠢᠴᠠᠭᠠᠯᠳᠠ ᠳᠤ ᠤᠷᠤᠯᠴᠠᠵᠤ ᠪᠤᠯᠬᠤ ᠦᠭᠡᠢ᠂ ᠵᠠᠪᠠᠯ ᠪᠤᠰᠤᠳ ᠤᠯᠤᠰ ᠤᠨ ᠲᠤᠰᠬᠠᠢ ᠮᠡᠷᠭᠡᠵᠢᠯᠳᠡᠨ ᠢᠷᠡᠵᠦ ᠪᠠᠶᠢᠴᠠᠭᠠᠬᠤ ᠴᠢᠬᠤᠯᠠ ᠲᠠᠢ ᠪᠤᠯᠪᠠ᠃ ᠡᠨᠡ ᠬᠦ ᠪᠠᠶᠢᠳᠠᠯ ᠳᠤ ᠪᠢᠳᠡ ᠳᠡᠯᠡᠬᠡᠢ ᠶᠢᠨ ᠦᠪ ᠲᠤ ᠪᠦᠷᠢᠳᠭᠡᠭᠦᠯᠬᠦ ᠠᠵᠢᠯ ᠢ ᠲᠦᠢᠯ ᠢᠶᠠᠷ ᠴᠢᠬᠤᠯᠠᠴᠢᠯᠠᠨ ᠦᠵᠡᠬᠦ ᠬᠡᠷᠡᠭᠳᠠᠢ ᠶᠢᠨ ᠬᠠᠮᠳᠤ ᠬᠠᠷᠠᠯᠳᠠ ᠵᠤᠷᠢᠯᠳᠠ ᠪᠠᠨ ᠤᠯᠠᠮ ᠢᠯᠡᠭᠦᠦ ᠪᠠᠳᠤᠳᠬᠠᠬᠤ ᠬᠡᠷᠡᠭᠳᠠᠢ ᠪᠠᠶᠢᠨ᠎ᠠ᠃ ᠡᠭᠦᠨ ᠳᠤ᠂ ᠡᠩ ᠲᠡᠷᠢᠭᠦᠨ ᠳᠤ ᠮᠠᠨ ᠤ ᠡᠨᠡᠬᠦ ᠨᠡᠭᠦᠳᠡᠯ ᠮᠠᠯᠵᠢᠯ ᠤᠨ ᠰᠢᠰᠲ᠋ᠧᠮ ᠨᠢ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠪᠤᠯᠬᠤ ᠦᠪᠡᠷᠮᠢᠴᠡ ᠰᠢᠨᠵᠢ ᠪᠠᠶᠢᠬᠤ ᠶᠢ ᠪᠢᠳᠡ ᠤᠯᠵᠤ ᠳᠠᠨᠢᠬᠤ ᠬᠡᠷᠡᠭᠳᠠᠢ᠃ ᠳᠠᠷᠠᠭᠠᠴᠢ ᠪᠠᠷ ᠪᠢᠳᠡ ᠵᠢᠷᠦᠮ ᠶᠤᠰᠤᠭᠠᠷ ᠦᠷᠭᠦᠯᠵᠢᠯᠡᠨ ᠴᠢᠷᠮᠠᠶᠢᠬᠤ ᠶᠢᠨ ᠬᠠᠮᠳᠤ ᠳᠡᠯᠡᠬᠡᠢ ᠶᠢᠨ ᠦᠪ ᠪᠤᠯᠬᠤ ᠨᠢ ᠮᠠᠰᠢ ᠴᠢᠬᠤᠯᠠ ᠶᠠᠪᠤᠳᠠᠯ ᠪᠤᠯᠪᠠᠴᠤ ᠳᠡᠯᠡᠬᠡᠢ ᠶᠢᠨ ᠦᠪ ᠪᠤᠯᠬᠤ ᠨᠢ ᠮᠠᠨ ᠤ ᠴᠤᠷ ᠤᠨ ᠭᠠᠭᠴᠠ ᠬᠠᠷᠠᠯᠳᠠ ᠪᠢᠰᠢ ᠭᠡᠳᠡᠭ ᠢ ᠲᠠᠨᠢᠬᠤ ᠬᠡᠷᠡᠭᠳᠠᠢ᠃ ᠪᠢᠳᠡ ᠮᠠᠨ ᠤ ᠨᠡᠭᠦᠳᠡᠯ ᠮᠠᠯᠵᠢᠯ ᠤᠨ ᠰᠢᠰᠲ᠋ᠧᠮ ᠤᠨ ᠦᠪᠡᠷᠮᠢᠴᠡ ᠰᠢᠨᠵᠢ ᠶᠢᠨ ᠲᠤᠬᠠᠢ ᠦᠷᠭᠦᠯᠵᠢᠯᠡᠨ ᠤᠨᠤᠪᠴᠢᠳᠠᠢ ᠰᠤᠳᠤᠯᠭᠠᠨ ᠬᠢᠬᠦ ᠬᠡᠷᠡᠭᠳᠠᠢ᠃ ᠬᠡᠳᠦ᠋ᠢᠪᠡᠷ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠴᠤ ᠪᠤᠯᠤᠭ᠂ ᠮᠠᠨ ᠤ ᠬᠦᠳᠡᠭᠡ ᠠᠵᠤ ᠠᠬᠤᠢ ᠬᠦ᠋ᠳᠡᠭᠡ ᠲᠤᠰᠬᠤᠨ ᠤ ᠶᠠᠮᠤᠨ ᠴᠤ ᠪᠤᠯᠤᠭ᠂ ᠬᠠᠮᠠᠭᠠᠯᠠᠬᠤ ᠦᠨ᠎ᠠ ᠦᠷᠳᠡᠭ ᠲᠠᠢ᠂ ᠤᠷᠤᠨ ᠨᠤᠳᠤᠭ ᠤᠨ ᠬᠦᠭᠵᠢᠯᠳᠡ ᠪᠤᠯᠤᠨ ᠠᠮᠢ ᠠᠬᠤᠢ ᠶᠢᠨ ᠬᠠᠮᠠᠭᠠᠯᠠᠯᠳᠠ ᠰᠤᠶᠤᠯ ᠤᠨ ᠬᠠᠮᠠᠭᠠᠯᠠᠯᠳᠠ ᠳᠤ ᠠᠰᠢᠭᠳᠠᠢ ᠪᠤᠯ ᠴᠦᠮ ᠳᠡᠯᠡᠬᠡᠢ ᠶᠢᠨ ᠦᠪ ᠲᠤ ᠪᠦᠷᠢᠳᠭᠡᠭᠦᠯᠵᠦ ᠪᠤᠯᠤᠨ᠎ᠠ᠂ ᠵᠠᠪᠠᠯ ᠴᠤᠷ ᠤᠨ ᠭᠠᠭᠴᠠ ᠪᠠᠶᠢᠬᠤ ᠶᠤᠰᠤᠳᠠᠢ ᠭᠡᠰᠡᠨ ᠱᠠᠭᠠᠷᠳᠠᠯᠭ᠎ᠠ ᠦᠭᠡᠢ ᠴᠤ᠂ ᠪᠢᠳᠡ ᠮᠠᠨ ᠤ ᠨᠡᠭᠦᠳᠡᠯ ᠮᠠᠯᠵᠢᠯ ᠤᠨ ᠰᠢᠰᠲ᠋ᠧᠮ ᠢᠶᠠᠨ ᠨᠢᠭᠡᠨᠳᠡ ᠳᠡᠯᠡᠬᠡᠢ ᠶᠢᠨ ᠦᠪ ᠪᠤᠯᠤᠭᠰᠠᠨ ᠳᠠᠨᠽᠠᠨᠢᠶ᠎ᠠ ᠶᠢᠨ ᠨᠡᠭᠦᠳᠡᠯ ᠮᠠᠯᠵᠢᠯ ᠤᠨ ᠰᠢᠰᠲ᠋ᠧᠮ᠂ ᠺᠧᠨᠢᠶᠠ ᠶᠢᠨ ᠨᠡᠭᠦᠳᠡᠯ ᠮᠠᠯᠵᠢᠯ ᠤᠨ ᠰᠢᠰᠲ᠋ᠧᠮ ᠲᠠᠢ ᠬᠠᠷᠢᠴᠠᠭᠤᠯᠤᠭᠰᠠᠨ ᠰᠤᠳᠤᠯᠭᠠᠨ ᠬᠢᠬᠦ ᠬᠡᠷᠡᠭᠳᠠᠢ᠃ ᠮᠠᠨ ᠤ ᠤᠯᠤᠰ ᠤᠨ ᠳᠤᠳᠤᠭᠠᠳᠤ ᠶᠢᠨ ᠰᠢᠨᠵᠢᠶᠠᠩ᠂ ᠬᠦᠬᠡᠨᠠᠭᠤᠷ ᠵᠡᠷᠭᠡ ᠭᠠᠵᠠᠷ ᠤᠨ ᠪᠠᠶᠢᠳᠠᠯ ᠲᠠᠢ ᠬᠠᠷᠢᠴᠠᠭᠤᠯᠤᠭᠰᠠᠨ ᠰᠤᠳᠤᠯᠭᠠᠨ ᠬᠢᠬᠦ ᠬᠡᠷᠡᠭᠳᠠᠢ᠃ ᠡᠨᠡ ᠬᠦ ᠶᠠᠪᠤᠴᠠ ᠳᠤ᠂ ᠨᠢᠭᠡ ᠳᠤ ᠤᠳᠤᠷᠢᠳᠤᠯᠭ᠎ᠠ ᠴᠢᠬᠤᠯᠠᠴᠢᠯᠠᠵᠤ ᠦᠵᠡᠬᠦ ᠬᠡᠷᠡᠭᠳᠠᠢ᠂ ᠬᠤᠶᠠᠷ ᠲᠤ ᠴᠢᠬᠤᠯᠠ ᠪᠦᠬᠦᠢ ᠪᠡᠯᠡ ᠮᠦᠩᠬᠦ ᠬᠠᠩᠭᠠᠯᠳᠠ ᠲᠠᠢ ᠪᠠᠶᠢᠬᠤ ᠬᠡᠷᠡᠭᠳᠠᠢ᠂ ᠭᠤᠷᠪᠠ ᠳᠤ ᠲᠤᠰᠬᠠᠢ ᠮᠡᠷᠭᠡᠵᠢᠯᠳᠡᠨ ᠢᠶᠠᠨ ᠰᠠᠶᠢᠳᠦᠷ ᠵᠤᠬᠢᠶᠠᠨ ᠪᠠᠶᠢᠭᠤᠯᠵᠤ᠂ ᠪᠢᠴᠢᠭ ᠮᠠᠲ᠋ᠧᠷᠢᠶᠠᠯ ᠢᠶᠠᠨ ᠰᠠᠶᠢᠳᠦᠷ ᠲᠤᠭᠤᠷᠪᠢᠵᠤ᠂ ᠭᠠᠳᠠᠭᠠᠳᠦ ᠶᠢᠨ ᠲᠤᠰᠬᠠᠢ ᠮᠡᠷᠭᠡᠵᠢᠯᠳᠡᠨ ᠤ ᠰᠢᠨᠵᠢᠯᠡᠨ ᠪᠠᠶᠢᠴᠠᠭᠠᠯᠳᠠ ᠳᠤ ᠨᠠᠷᠢᠯᠢᠭ ᠪᠡᠯᠡᠳᠭᠡᠯ ᠬᠢᠬᠦ ᠬᠡᠷᠡᠭᠳᠠᠢ᠃ ᠡᠯ᠎ᠠ ᠰᠠᠯᠠᠭ᠎ᠠ ᠮᠦᠴᠢᠷ ᠰᠠᠶᠢᠳᠦᠷ ᠬᠠᠮᠵᠢᠯᠴᠠᠨ ᠠᠵᠢᠯᠯᠠᠵᠤ᠂ ᠬᠤᠯᠪᠤᠭᠳᠠᠯ ᠪᠦᠬᠦᠢ ᠬᠦᠮᠦᠰ ᠢ ᠵᠤᠬᠢᠶᠠᠨ ᠪᠠᠶᠢᠭᠤᠯᠵᠤ ᠰᠠᠭᠤᠷᠢ ᠰᠤᠳᠤᠯᠭᠠᠨ ᠤ ᠠᠵᠢᠯ ᠢ ᠪᠦᠬᠦ ᠲᠠᠯ᠎ᠠ ᠪᠠᠷ ᠰᠠᠶᠢᠳᠦᠷ ᠬᠢᠬᠦ ᠬᠡᠷᠡᠭᠳᠠᠢ᠃ ᠡᠭᠦᠨ ᠤ ᠬᠠᠮᠳᠤ᠂ ᠪᠢᠳᠡ ᠤᠯᠤᠰ ᠤᠨ ᠳᠤᠳᠤᠭᠠᠳᠦ ᠳᠠᠭᠠᠨ ᠪᠤᠰᠤᠳ ᠭᠠᠵᠠᠷ ᠤᠨ ᠬᠢ ᠲᠠᠢ ᠦᠷᠢᠰᠦᠯᠳᠦᠬᠦ ᠠᠵᠢᠯ ᠢ ᠴᠤ ᠰᠠᠶᠢᠳᠦᠷ ᠬᠢᠬᠦ ᠬᠡᠷᠡᠭᠳᠠᠢ᠃ ᠤᠳᠤᠬᠠᠨ ᠳᠤ ᠮᠠᠨ ᠤ ᠤᠯᠤᠰ ᠲᠤ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠬᠦᠯᠬᠦ ᠪᠠᠷ ᠪᠡᠯᠡᠳᠭᠡᠵᠦ ᠪᠠᠶᠢᠭ᠎ᠠ ᠲᠦᠷᠦᠯ ᠵᠦᠢᠯ ᠠᠷᠪᠠᠨ ᠬᠡᠳᠦ ᠪᠤᠢ᠃ ᠳᠠᠷᠠᠭᠠᠴᠢ ᠪᠠᠷ ᠪᠠᠰᠠ ᠨᠢᠭᠡ ᠪᠦᠯᠦᠭ ᠨᠡᠷᠡᠰ ᠤᠨ ᠳᠤᠬᠢᠷᠠᠭᠤᠯᠤᠯᠳᠠ ᠬᠢᠨ᠎ᠠ᠃ ᠡᠭᠦᠨ ᠳᠤ ᠤᠯᠠᠨ ᠵᠦᠢᠯ ᠤᠨ ᠨᠦᠬᠦᠴᠡᠯ ᠪᠠᠶᠢᠳᠠᠯ ᠳᠤᠬᠢᠶᠠᠯᠳᠤᠵᠤ ᠮᠡᠳᠡᠨ᠎ᠠ᠃ ᠨᠦᠬᠦᠭᠡ ᠲᠠᠯ᠎ᠠ ᠪᠠᠷ ᠪᠢᠳᠡ ᠪᠠᠰᠠ ᠳᠡᠯᠡᠬᠡᠢ ᠳᠡᠭᠡᠷᠡᠬᠢ ᠪᠤᠰᠤᠳ ᠤᠯᠤᠰ ᠤᠨ ᠬᠢ ᠲᠠᠢ ᠦᠷᠢᠰᠦᠯᠳᠦᠬᠦ ᠪᠠᠷ ᠴᠤ ᠰᠠᠶᠢᠳᠦᠷ ᠪᠡᠯᠡᠳᠭᠡᠯ ᠬᠢᠬᠦ ᠬᠡᠷᠡᠭᠳᠠᠢ᠃ ᠬᠡᠷᠪᠡ ᠪᠢᠳᠡ ᠪᠡᠯᠡᠳᠭᠡᠯ ᠠᠵᠢᠯ ᠢᠶᠠᠨ ᠨᠠᠷᠢᠯᠢᠭ ᠬᠢᠵᠦ ᠰᠠᠶᠢᠳᠦᠷ ᠬᠢᠵᠤ᠂ ᠡᠨᠡᠬᠦ ᠰᠢᠰᠲ᠋ᠧᠮ ᠢᠶᠠᠨ ᠬᠠᠮᠠᠭᠠᠯᠠᠬᠤ ᠠᠵᠢᠯ ᠢ ᠰᠠᠶᠢᠳᠦᠷ ᠬᠢᠬᠦ ᠳᠤ ᠬᠦᠷᠪᠡᠯ᠂ ᠮᠠᠨ ᠤ ᠡᠨᠡ ᠨᠡᠭᠦᠳᠡᠯ ᠮᠠᠯᠵᠢᠯ ᠤᠨ ᠰᠢᠰᠲ᠋ᠧᠮ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠪᠤᠯᠬᠤ ᠶᠠᠪᠤᠳᠠᠯ ᠤᠳᠠᠬᠤ ᠦᠭᠡᠢ ᠪᠡᠶᠡᠯᠡᠭᠳᠡᠨ᠎ᠠ ᠭᠡᠵᠦ ᠶᠠᠷᠢᠵᠤ ᠪᠠᠶᠢᠯ᠎ᠠ᠃          ᠦᠪᠡᠷ ᠤᠨ ᠦᠪ ᠢᠶᠠᠨ ᠦᠪᠡᠷ ᠢᠶᠠᠨ ᠰᠠᠶᠢᠳᠦᠷ ᠬᠠᠮᠠᠭᠠᠯᠠᠬᠤ ᠬᠡᠷᠡᠭᠳᠠᠢᠪᠤᠳᠠᠩ ᠳᠠᠳᠠᠭᠠᠳ ᠤᠨᠢᠶᠠᠷᠳᠤᠭᠰᠠᠨᠪᠤᠭᠤᠷᠤᠯ ᠬᠠᠩᠭᠠᠢ ᠶᠢᠨ ᠰᠠᠶᠢᠬᠠᠨ ᠢ ᠡ ᠬᠦ᠋ᠪᠠᠭᠤᠷᠢ ᠨᠢ ᠬᠦᠷᠳᠡᠯ᠎ᠠ ᠠᠷᠢᠯᠤᠭ᠎ᠠ ᠦᠭᠡᠢᠪᠤᠭᠤᠷᠤᠯ ᠠᠪᠤ ᠶᠢᠨ ᠨᠤᠳᠤᠭ ᠠ ᠬᠦ᠋ᠠᠢ ᠬᠦ᠋᠂ ᠵᠧ ᠬᠦ᠋ᠴᠡᠴᠡᠭ ᠤᠨ ᠭᠤᠷᠪᠠᠨ ᠰᠠᠷ᠎ᠠ ᠳᠠᠭᠠᠨᠡᠴᠢᠭᠡ ᠶᠢᠨ ᠨᠤᠳᠤᠭ ᠢᠶᠠᠷ ᠪᠠᠭᠤᠭᠠᠷᠠᠢ            ᠁ ᠁      ᠠᠷᠤ ᠬᠤᠷᠴᠢᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠤᠨ ᠤᠷᠤᠨ ᠢᠶᠠᠷ ᠰᠤᠷᠪᠤᠯᠵᠢᠯᠠᠨ ᠶᠠᠪᠤᠬᠤ ᠳᠤ᠂ ᠪ᠊ · ᠴᠠᠳᠠᠨᠳᠠᠮᠪᠠ ᠦᠭᠡ ᠶᠢ ᠨᠢ ᠪᠢᠴᠢᠵᠦ᠂ ᠳ᠋᠊ · ᠮᠢᠭᠮᠠᠷᠰᠦ᠋ᠷᠦᠭ ᠠᠶ᠎ᠠ ᠵᠤᠬᠢᠶᠠᠵᠤ᠂ ᠳᠠᠭᠤᠴᠢᠨ ᠪᠠᠶᠠᠨᠪᠤᠯᠠᠭ ᠤᠨ ᠳᠠᠭᠤᠯᠠᠭᠰᠠᠨ ᠡᠨᠡ ᠳᠠᠭᠤᠤ ᠴᠢᠬᠢᠨ ᠳᠤ ᠰᠤᠨᠤᠰᠳᠠᠭᠠᠳ ᠪᠠᠶᠢᠮᠠᠷ ᠰᠠᠨᠠᠭᠳᠠᠵᠠᠢ᠃      ᠪᠤᠷᠤᠭᠠᠨ ᠤ ᠳᠠᠷᠠᠭ᠎ᠠ᠂ ᠪᠤᠳᠠᠩ ᠳᠠᠳᠠᠭᠠᠳ ᠤᠨᠢᠶᠠᠷᠳᠤᠭᠰᠠᠨ ᠬᠦᠬᠡᠮᠳᠦᠭ ᠨᠤᠭᠤᠭᠠᠨ ᠬᠦᠪᠴᠢ ᠬᠠᠩᠭᠠᠢ᠂ ᠴᠡᠭᠡᠵᠢ ᠠᠭᠤᠵᠢᠷᠠᠭᠤᠯᠬᠤ ᠴᠡᠪᠡᠷ ᠠᠭᠠᠷ᠂ ᠲᠠᠯ᠎ᠠ ᠶᠢᠨ ᠮᠤᠩᠭᠤᠯ ᠠᠶᠢᠯ᠂ ᠲᠠᠪᠠ ᠪᠠᠷ ᠢᠳᠡᠰᠢᠯᠡᠬᠦ ᠬᠤᠨᠢ ᠮᠠᠯ ᠁ ᠵᠤᠨ ᠤ ᠰᠠᠶᠢᠬᠠᠨ ᠤᠯᠠᠷᠢᠯ ᠢᠶᠠᠷ ᠠᠷᠤ ᠬᠤᠷᠴᠢᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠤᠨ ᠭᠤᠤᠯ ᠬᠠᠮᠠᠭᠠᠯᠠᠯᠳᠠ ᠶᠢᠨ ᠤᠷᠤᠨ ᠪᠤᠯᠬᠤ ᠪᠠᠶ᠋ᠬᠠᠦ᠋ᠨᠳᠦᠷ ᠰᠤᠮᠤ ᠶᠢᠨ ᠮᠠᠯᠴᠢᠳ ᠤᠨ ᠵᠤᠰᠠᠭᠠᠯ ᠤᠨ ᠭᠠᠵᠠᠷ ᠤᠨ ᠦᠩᠭᠡ ᠦᠵᠡᠮᠵᠢ ᠶᠢ ᠪᠠᠭ᠋ᠠᠷᠤᠨ ᠪᠠᠭ᠋ᠠᠷᠤᠨ ᠮᠠᠯᠴᠢᠳ ᠤᠨ ᠲᠤᠮᠳᠠ ᠭᠦᠨᠵᠡᠭᠡᠶᠢᠷᠡᠵᠦ ᠰᠢᠨᠵᠢᠯᠡᠨ ᠪᠠᠶᠢᠴᠠᠭᠠᠵᠤ ᠶᠠᠪᠤᠭᠰᠠᠨ ᠲᠤᠰᠬᠠᠢ ᠮᠡᠷᠭᠡᠵᠢᠯᠳᠡᠳ ᠡᠨᠡᠬᠦ ᠨᠡᠭᠦᠳᠡᠯ ᠮᠠᠯᠵᠢᠯ ᠤᠨ ᠰᠢᠰᠲ᠋ᠧᠮ ᠢ ᠬᠡᠷᠬᠢᠨ ᠬᠠᠮᠠᠭᠠᠯᠠᠵᠤ ᠬᠦᠭᠵᠢᠭᠦᠯᠪᠡᠯ ᠵᠤᠬᠢᠬᠤ ᠲᠤᠬᠠᠢ ᠤᠯᠠᠨ ᠰᠠᠨᠠᠯ ᠵᠦᠪᠯᠡᠯᠭᠡ ᠳᠡᠪᠰᠢᠭᠦᠯᠦᠭᠰᠡᠨ ᠠᠴᠠ ︽ᠦᠪᠡᠷ ᠤᠨ ᠦᠪ ᠢᠶᠠᠨ ᠦᠪᠡᠷ ᠢᠶᠠᠨ ᠰᠠᠶᠢᠳᠦᠷ ᠬᠠᠮᠠᠭᠠᠯᠠᠬᠤ ᠬᠡᠷᠡᠭᠳᠠᠢ︾ ᠭᠡᠬᠦ ᠨᠢ ᠭᠤᠤᠯ ᠤᠳᠬ᠎ᠠ ᠰᠠᠨᠠᠭ᠎ᠠ ᠪᠠᠶᠢᠯ᠎ᠠ᠃ 
            ᠮᠠᠰᠠᠢ ᠵᠠᠯᠠᠭᠤᠴᠤᠳ              ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠬᠤ ᠲᠤᠬᠠᠢ      ᠲᠤᠰᠬᠠᠢ ᠮᠡᠷᠭᠡᠵᠢᠯᠳᠡᠨ ᠯᠦᠸᠧ ᠱᠢ ᠮᠢᠩ ︵ᠬᠤᠸᠠᠨᠠᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠵᠠᠬᠢᠷᠤᠯ᠂ ᠠᠮᠢ ᠠᠬᠤᠢ ᠶᠢᠨ ᠤᠬᠠᠭᠠᠨ ᠤ ᠫᠷᠦᠹᠧᠰᠰᠤᠷ︶᠄ ᠶᠠᠭᠤᠨ ᠤ ᠡᠮᠦᠨ᠎ᠠ ᠲᠠ ᠨᠠᠷ ᠡᠨᠡ ᠨᠤᠳᠤᠭ ᠢᠶᠠᠨ ᠦᠭᠡᠶᠢᠬᠢᠵᠦ ᠪᠤᠯᠬᠤ ᠦᠭᠡᠢ᠂ ᠪᠡᠯᠴᠢᠭᠡᠷ ᠮᠠᠭᠤᠳᠠᠵᠤ ᠡᠯᠡᠰᠦᠷᠬᠡᠭᠵᠢᠴᠢᠬᠡᠪᠡᠯ᠂ ᠨᠡᠭᠦᠳᠡᠯ ᠮᠠᠯᠵᠢᠯ ᠭᠡᠵᠦ ᠬᠡᠯᠡᠬᠦ ᠳᠤ ᠪᠡᠷᠬᠡ ᠪᠤᠯᠴᠢᠬᠠᠨ᠎ᠠ᠃ ᠡᠨᠡ ᠲᠠᠯ᠎ᠠ ᠪᠠᠷ ᠳᠠᠨ ᠤ ᠬᠢᠨ ᠪᠦᠲᠦᠮᠵᠢᠳᠠᠢ ᠬᠢᠨᠠᠯᠳᠠ ᠲᠠᠯᠪᠢᠵᠤ ᠬᠠᠮᠢᠶᠠᠷᠤᠨ ᠡᠵᠡᠮᠳᠡᠬᠦ ᠳᠤᠭᠳᠠᠴᠠ ᠪᠠᠶᠢᠬᠤ ᠬᠡᠷᠡᠭᠳᠠᠢ᠃      ᠲᠤᠰᠬᠠᠢ ᠮᠡᠷᠭᠡᠵᠢᠯᠳᠡᠨ ᠵᠠᠩ ᠯᠢᠨ ᠪᠦᠸᠧ ︵ᠳᠤᠮᠳᠠᠳᠤ ᠤᠯᠤᠰ ᠤᠨ ᠤᠷᠴᠢᠨ ᠲᠤᠭᠤᠷᠢᠨ ᠤ ᠰᠢᠨᠵᠢᠯᠡᠬᠦ ᠤᠬᠠᠭᠠᠨ ᠰᠤᠳᠤᠯᠬᠤ ᠬᠦᠷᠢᠶᠡᠯᠡᠩ ᠤᠨ ᠰᠤᠳᠤᠯᠤᠭᠴᠢ᠂ ᠠᠮᠢ ᠠᠬᠤᠢ ᠤᠷᠴᠢᠨ ᠲᠤᠭᠤᠷᠢᠨ ᠤ ᠤᠬᠠᠭᠠᠨ ᠤ ᠲᠤᠰᠬᠠᠢ ᠮᠡᠷᠭᠡᠵᠢᠯᠳᠡᠨ︶᠄ ᠪᠡᠯᠴᠢᠭᠡᠷ ᠤᠨ ᠳᠠᠭᠠᠭᠠᠴᠠ ᠠᠴᠠ ᠬᠡᠳᠦᠷᠡᠭᠦᠯᠦᠨ ᠮᠠᠯᠵᠢᠬᠤ ᠠᠰᠠᠭᠤᠳᠠᠯ ᠪᠤᠯ ᠮᠠᠨ ᠤ ᠪᠦᠬᠦ ᠮᠠᠯᠵᠢᠬᠤ ᠤᠷᠤᠨ ᠳᠤ ᠨᠡᠶᠢᠳᠡᠮ ᠤᠷᠤᠰᠢᠬᠤ ᠠᠰᠠᠭᠤᠳᠠᠯ ᠪᠤᠯᠤᠨ᠎ᠠ᠃ ᠡᠨᠡ ᠠᠰᠠᠭᠤᠳᠠᠯ ᠢ ᠰᠢᠢᠳᠪᠤᠷᠢᠯᠡᠬᠦ ᠳᠤ ᠶᠡᠭᠡ ᠬᠦᠴᠢᠷ ᠢ ᠪᠢ ᠴᠤ ᠮᠡᠳᠡᠨ᠎ᠠ᠃ ᠭᠤᠷᠪᠡᠨ ᠮᠦᠷᠡᠨ ᠤ ᠡᠬᠢ ᠶᠢᠨ ᠤᠷᠤᠨ ᠲᠠᠢ ᠬᠠᠷᠢᠴᠠᠭᠤᠯᠪᠠᠯ᠂ ᠤᠯᠤᠰ ᠠᠴᠠ ᠳᠡᠳᠡᠨ ᠳᠤ ᠠᠷᠤ ᠬᠤᠷᠴᠢᠨ ᠠᠴᠠ ᠬᠤᠯᠠ ᠢᠯᠡᠭᠦᠦ ᠨᠦᠬᠦᠪᠤᠷᠢ ᠦᠭᠴᠤ ᠪᠤᠢ᠂ ᠳᠡᠭᠡᠯ᠎ᠠ ᠭᠡᠳ ᠪᠡᠯᠴᠢᠭᠡᠷ ᠤᠨ ᠳᠠᠭᠠᠭᠠᠴᠠ ᠠᠴᠠ ᠬᠡᠳᠦᠷᠡᠭᠦᠯᠦᠨ ᠮᠠᠯᠵᠢᠬᠤ ᠠᠰᠠᠭᠤᠳᠠᠯ ᠢ ᠰᠢᠢᠳᠪᠤᠷᠢᠯᠡᠵᠦ ᠴᠢᠳᠠᠬᠤ ᠦᠭᠡᠢ ᠪᠠᠶᠢᠨ᠎ᠠ᠃ ᠡᠨᠡ ᠳᠠᠯ᠎ᠠ ᠪᠠᠷ ᠪᠢᠳᠡ ᠨᠢᠭᠡᠨ ᠠᠺᠠᠳᠧᠮᠢᠴᠢ ᠶᠢᠨ ᠰᠠᠨᠠᠭᠤᠯᠭ᠎ᠠ ᠳᠡᠪᠰᠢᠭᠦᠯᠦᠭᠰᠡᠨ᠂ ᠳᠡᠳ᠋ ᠶᠡᠷᠦᠩᠬᠡᠢ ᠰᠠᠶᠢᠳ ᠵᠠᠩ ᠭᠤᠤ ᠯᠢ ᠨᠢᠭᠡᠨᠳᠡ ᠵᠦᠪᠰᠢᠶᠡᠷᠡᠭᠰᠡᠨ ᠪᠠᠶᠢᠳᠠᠭ᠃ ᠮᠢᠨᠤ ᠰᠠᠨᠠᠭᠤᠯᠭ᠎ᠠ ᠪᠤᠯ᠂ ᠤᠯᠤᠰ ᠠᠴᠠ ᠤᠯᠠᠨ ᠵᠦᠢᠯ ᠤᠨ ᠨᠦᠬᠦᠪᠤᠷᠢ ᠪᠠᠭᠤᠯᠭᠠᠵᠤ ᠪᠤᠢ᠂ ᠭᠡᠬᠦ ᠳᠤ ᠡᠨᠡ ᠨᠦᠬᠦᠪᠤᠷᠢ ᠪᠠᠨ ᠪᠢᠳᠡ ᠠᠷᠠᠳ ᠲᠤ ᠰᠢᠭᠤᠳ ᠦᠭᠬᠦ ᠪᠢᠰᠢ ᠪᠤᠯᠭᠠᠨ᠎ᠠ᠂ ᠠᠷᠠᠳ ᠤᠳ ᠵᠢᠯ ᠪᠦᠷᠢ ᠵᠠᠰᠠᠭ ᠤᠨ ᠤᠷᠳᠤᠨ ᠳᠤ ᠡᠷᠡᠮᠡᠯᠵᠡᠯ ᠳᠡᠪᠰᠢᠭᠦᠯᠦᠨ᠎ᠠ᠂ ᠵᠠᠰᠠᠭ ᠤᠨ ᠤᠷᠳᠤᠨ ᠠᠴᠠ ᠢᠷᠡᠵᠦ ᠪᠠᠶᠢᠴᠠᠭᠠᠵᠤ ᠦᠵᠡᠭᠡᠳ ᠨᠢᠭᠡᠳᠦᠭᠡᠷ ᠲᠦᠷᠦᠯ ᠤᠨ ᠨᠤᠳᠤᠭ ᠪᠡᠯᠴᠢᠭᠡᠷ ᠪᠤᠯ ᠬᠡᠳᠦᠢ ᠨᠦᠬᠦᠪᠤᠷᠢ ᠦᠭᠭᠦᠨ᠎ᠠ᠂ ᠬᠤᠶᠠᠳᠤᠭᠠᠷ ᠲᠦᠷᠦᠯ ᠤᠨ ᠨᠤᠳᠤᠭ ᠪᠡᠯᠴᠢᠭᠡᠷ ᠪᠤᠯ ᠬᠡᠳᠦᠢ ᠨᠦᠬᠦᠪᠤᠷᠢ ᠦᠭᠭᠦᠨ᠎ᠠ ᠭᠡᠵᠦ ᠳᠤᠭᠳᠠᠭᠠᠨ᠎ᠠ᠂ ᠢᠩᠬᠢᠪᠡᠯ ᠠᠷᠠᠳ ᠤᠨ ᠢᠳᠡᠪᠬᠢᠵᠢᠯ ᠢ ᠪᠠᠳᠠᠷᠠᠭᠤᠯᠵᠤ ᠴᠢᠳᠠᠬᠤ ᠪᠦᠭᠡᠳ ᠪᠡᠯᠴᠢᠭᠡᠷ ᠤᠨ ᠳᠠᠭᠠᠭᠠᠴᠠ ᠠᠴᠠ ᠬᠡᠳᠦᠷᠡᠭᠦᠯᠦᠨ ᠮᠠᠯᠵᠢᠬᠤ ᠠᠰᠠᠭᠤᠳᠠᠯ ᠢ ᠴᠤ ᠰᠢᠢᠳᠪᠤᠷᠢᠯᠡᠴᠢᠬᠡᠨ᠎ᠠ᠃ ᠮᠢᠨᠤ ᠪᠤᠳᠤᠬᠤ᠎ ᠪᠠᠷ᠂ ᠠᠷᠠᠳ ᠤᠳ ᠡᠨᠡ ᠬᠡᠰᠡᠭ ᠪᠡᠯᠴᠢᠭᠡᠷ ᠲᠤᠳᠤᠷ᠎ᠠ ᠬᠡᠳᠦᠢ ᠮᠠᠯ ᠮᠠᠯᠵᠢᠪᠠᠯ ᠵᠤᠬᠢᠬᠤ ᠶᠢ ᠲᠤᠳᠤᠷ᠎ᠠ ᠪᠠᠨ ᠴᠦᠮ ᠲᠤᠪ ᠲᠤᠳᠤᠷᠬᠠᠢ ᠮᠡᠳᠡᠨ᠎ᠠ᠃ ᠪᠢᠳᠡ ᠤᠳᠤ ᠡᠨᠡ ᠲᠤᠬᠠᠢ ᠭᠤᠷᠪᠠᠨ ᠮᠦᠷᠡᠨ ᠤ ᠡᠬᠢ ᠪᠠᠷ ᠲᠤᠷᠰᠢᠵᠤ ᠦᠵᠡᠬᠦ ᠭᠡᠵᠦ ᠪᠤᠢ᠃ ᠤᠤᠯ ᠤᠨ ᠨᠦᠬᠦᠪᠤᠷᠢ ᠤᠯᠭᠤᠬᠤ ᠠᠷᠭ᠎ᠠ ᠬᠡᠮᠵᠢᠶ᠎ᠠ ᠪᠠ ᠰᠢᠨ᠎ᠠ ᠨᠦᠬᠦᠪᠤᠷᠢ ᠤᠯᠭᠤᠬᠤ ᠠᠷᠭ᠎ᠠ ᠬᠡᠮᠵᠢᠶ᠎ᠠ ᠶᠢ ᠬᠠᠷᠢᠴᠠᠭᠤᠯᠵᠤ ᠦᠵᠡᠨ᠎ᠠ᠃ ᠮᠠᠨ ᠤ ᠬᠤᠰᠢᠭᠤ ᠴᠤ ᠡᠨᠡ ᠲᠠᠯ᠎ᠠ ᠪᠠᠷ ᠲᠤᠷᠰᠢᠵᠤ ᠦᠵᠡᠵᠦ ᠪᠤᠯᠤᠨ᠎ᠠ᠃      ᠲᠤᠰᠬᠠᠢ ᠮᠡᠷᠭᠡᠵᠢᠯᠳᠠᠨ ᠯᠢᠤ ᠮᠧᠤ ᠴᠧᠩ ︵ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠠᠵᠠᠷ ᠵᠦᠢ ᠶᠢᠨ ᠰᠢᠨᠵᠢᠯᠡᠬᠦ ᠤᠬᠠᠭᠠᠨ ᠪᠤᠯᠤᠨ ᠡᠬᠢ ᠪᠠᠶᠠᠯᠢᠭ ᠰᠤᠳᠤᠯᠬᠤ ᠭᠠᠵᠠᠷ ᠤᠨ ᠳᠡᠳ᠋ ᠰᠤᠳᠤᠯᠤᠭᠴᠢ︶᠄ ᠮᠢᠨᠤ ᠪᠤᠳᠤᠯ ᠳᠤ ᠪᠡᠯᠴᠢᠭᠡᠷ ᠤᠨ ᠳᠠᠭᠠᠭᠠᠴᠠ ᠭᠡᠬᠦ ᠪᠠᠷ᠂ ᠪᠡᠯᠴᠢᠭᠡᠷ ᠲᠠᠬᠢ ᠮᠠᠯ ᠤᠨ ᠳᠠᠭᠠᠭᠠᠴᠠ ᠶᠢ ᠶᠠᠷᠢᠬᠤ ᠲᠡᠳᠦᠢ ᠪᠢᠰᠢ᠂ ᠪᠡᠯᠴᠢᠭᠡᠷ ᠲᠠᠬᠢ ᠬᠦᠮᠦᠨ ᠤ ᠳᠠᠭᠠᠭᠠᠴᠠ ᠶᠢ ᠴᠤ ᠶᠠᠷᠢᠬᠤ ᠬᠡᠷᠡᠭᠳᠠᠢ᠃ ᠳᠠᠷᠤᠢ ᠡᠨᠡ ᠬᠡᠰᠡᠭ ᠪᠡᠯᠴᠢᠭᠡᠷ ᠬᠡᠳᠦᠢ ᠬᠦᠮᠦᠨ ᠢ ᠲᠡᠵᠢᠭᠡᠵᠦ ᠪᠤᠯᠳᠠᠭ᠂ ᠬᠤᠶᠢᠰᠢᠳᠠ ᠶᠢᠨ ᠠᠵᠤ ᠦᠢᠯᠡᠰ ᠤᠨ ᠬᠦᠭᠵᠢᠯᠳᠡ ᠳᠤᠮᠳᠠ ᠡᠨᠡ ᠬᠡᠰᠡᠭ ᠪᠡᠯᠴᠢᠭᠡᠷ ᠬᠡᠳᠦᠢ ᠪᠦᠲᠦᠭᠡᠭᠳᠡᠭᠦᠨ ᠭᠠᠷᠴᠤ ᠪᠤᠯᠳᠠᠭ᠂ ᠮᠠᠨ ᠤ ᠡᠨᠡ ᠬᠡᠰᠡᠭ ᠨᠤᠳᠤᠭ ᠪᠡᠯᠴᠢᠭᠡᠷ ᠬᠡᠳᠦᠢ ᠵᠤᠭᠠᠴᠠᠭᠴᠢ ᠶᠢ ᠳᠠᠭᠠᠭᠠᠵᠤ ᠳᠡᠶᠢᠯᠳᠡᠭ ᠭᠡᠬᠦ ᠵᠡᠷᠭᠡ᠃ ᠡᠭᠦᠨ ᠳᠤ ᠪᠢᠳᠡ ᠴᠢᠨᠠᠷ ᠢ ᠬᠦᠭᠡᠭᠡᠴᠡᠯᠳᠦᠨ᠎ᠠ ᠤᠤ᠂ ᠲᠤᠭ᠎ᠠ ᠶᠢ ᠬᠦᠭᠡᠭᠡᠴᠡᠯᠳᠦᠨ᠎ᠠ ᠤᠤ ᠭᠡᠬᠦ ᠠᠰᠠᠭᠤᠳᠠᠯ ᠬᠤᠯᠪᠤᠭᠳᠠᠨ᠎ᠠ᠃ ᠠᠮᠢ ᠠᠬᠤᠢ ᠶᠢᠨ ᠤᠬᠠᠭᠠᠨ ᠤ ᠬᠤᠪᠢ ᠳᠤ᠂ ᠲᠠᠨ ᠤ ᠠᠳᠡ ᠪᠤᠯ ᠤᠢ ᠰᠢᠭᠤᠢ ᠠᠴᠠ ᠲᠠᠯ᠎ᠠ ᠨᠤᠳᠤᠭ ᠤᠷᠤᠭᠤ ᠰᠢᠯᠵᠢᠬᠦ ᠪᠦᠰᠡ ᠳᠤ ᠤᠷᠤᠰᠢᠨ᠎ᠠ᠂ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ ᠮᠠᠰᠢ ᠪᠠᠶᠠᠯᠢᠭ᠂ ᠨᠦᠬᠦᠭᠡ ᠲᠠᠯ᠎ᠠ ᠪᠠᠷ᠂ ᠰᠢᠯᠵᠢᠯᠳᠡ ᠶᠢᠨ ᠪᠦᠰᠡ ᠭᠡᠬᠦ ᠪᠠᠷ ᠮᠦᠨ ᠴᠤ ᠠᠮᠢ ᠠᠬᠤᠢ ᠮᠠᠰᠢ ᠬᠡᠪᠡᠷᠡᠭ ᠤᠷᠤᠨ ᠪᠤᠯᠤᠨ᠎ᠠ᠂ ᠬᠡᠷᠪᠡ ᠡᠪᠳᠡᠭᠳᠡᠪᠡᠯ ᠰᠡᠷᠭᠦᠭᠡᠬᠦ ᠳᠤ ᠮᠠᠰᠢ ᠬᠦᠴᠢᠷ᠃
              ᠲᠠᠯ᠎ᠠ ᠶᠢᠨ ᠮᠤᠩᠭᠤᠯ ᠠᠶᠢᠯ                                     ᠤᠯᠠᠭᠠᠨᠴᠡᠴᠡᠭ ᠰᠡᠬᠦᠳᠡᠷᠯᠠᠪᠠ        ᠲᠤᠰᠬᠠᠢ ᠮᠡᠷᠭᠡᠵᠢᠯᠳᠡᠨ ᠶᠤᠸᠠᠨ ᠯᠢ ︵ᠳᠤᠮᠳᠠᠳᠤ ᠤᠯᠤᠰ ᠤᠨ ᠤᠷᠠᠯᠢᠭ ᠰᠤᠳᠤᠯᠬᠤ ᠬᠦᠷᠢᠶᠡᠯᠡᠩ ᠤᠨ ᠰᠤᠳᠤᠯᠤᠭᠴᠢ᠂ ᠪᠤᠳᠠᠰ ᠤᠨ ᠪᠤᠰᠤ ᠰᠤᠶᠤᠯ ᠤᠨ ᠦᠪ ᠤᠨ ᠲᠤᠰᠬᠠᠢ ᠮᠡᠷᠭᠡᠵᠢᠯᠳᠡᠨ︶᠄ ᠡᠨᠡ ᠬᠦ ᠦᠪ ᠢᠶᠠᠨ ᠬᠠᠮᠠᠭᠠᠯᠠᠬᠤ ᠳᠤ᠂ ᠠᠷᠠᠳ ᠲᠦᠮᠡᠨ ᠪᠤᠯ ᠬᠠᠮᠠᠭᠠᠯᠠᠬᠤ ᠪᠠᠶᠠᠴᠢ ᠴᠤᠭᠴᠠ᠂ ᠵᠠᠰᠠᠭ ᠤᠨ ᠤᠷᠳᠤᠨ ᠪᠤᠯ ᠬᠠᠮᠢᠶᠠᠷᠤᠭᠴᠢ ᠲᠡᠳᠦᠢ ᠪᠤᠯᠬᠤ ᠶᠢ ᠡᠷᠬᠡᠪᠰᠢ ᠪᠠᠳᠤ ᠴᠡᠭᠡᠵᠢᠯᠡᠬᠦ ᠬᠡᠷᠡᠭᠳᠠᠢ᠃ ᠵᠠᠰᠠᠭ ᠤᠨ ᠤᠷᠳᠤᠨ ᠠᠴᠠ ᠵᠢᠯᠤᠭᠤᠳᠤᠮᠵᠢ ᠶᠢᠨ ᠴᠢᠨᠠᠷᠳᠠᠢ ᠦᠢᠯᠡᠳᠦᠯ ᠦᠵᠡᠭᠦᠯᠵᠦ᠂ ᠲᠡᠷᠡᠴᠢᠯᠡᠨ ᠵᠤᠬᠢᠬᠤ ᠪᠡᠯᠡ ᠮᠦᠩᠬᠦ ᠤᠷᠤᠭᠤᠯᠵᠤ ᠮᠠᠯᠴᠢᠳ ᠤᠨ ᠬᠠᠮᠠᠭᠠᠯᠠᠯᠳᠠ ᠶᠢᠨ ᠤᠬᠠᠮᠰᠠᠷ ᠢ ᠪᠠᠳᠠᠷᠠᠭᠤᠯᠬᠤ ᠬᠡᠷᠡᠭᠳᠠᠢ᠃ ᠮᠠᠯᠴᠢᠳ ᠡᠨᠡ ᠬᠦ ᠦᠪ ᠤᠨ ᠴᠢᠬᠤᠯᠠ ᠴᠢᠨᠠᠷ ᠢ ᠭᠦᠢᠴᠡᠳ ᠤᠢᠢᠯᠠᠭᠠᠪᠠᠯ ᠰᠠᠶ᠋ᠢ ᠡᠨᠡ ᠦᠪ ᠢᠶᠠᠨ ᠨᠡᠩ ᠰᠠᠶᠢᠨ ᠬᠠᠮᠠᠭᠠᠯᠠᠵᠤ ᠴᠢᠳᠠᠨ᠎ᠠ᠃ ᠳᠠᠬᠢᠪᠠᠯ᠂ ᠬᠦᠳᠡᠭᠡ ᠠᠵᠤ ᠠᠬᠤᠢ ᠶᠢᠨ ᠦᠪ ᠭᠡᠬᠦ ᠪᠠᠷ ᠤᠯᠠᠮᠵᠢᠯᠠᠯᠳᠦ ᠰᠢᠯᠢᠳᠡᠭ ᠡᠭᠦᠯᠳᠡᠷ ᠢ ᠤᠯᠠᠮᠵᠢᠯᠠᠵᠤ ᠳᠡᠶᠢᠯᠦᠭᠰᠡᠨ ᠡᠰᠡᠬᠦ ᠶᠢ ᠦᠵᠡᠨ᠎ᠠ᠃ ᠪᠢᠳᠡ ᠤᠳᠤ ᠤᠤᠯ ᠤᠨ ᠤᠯᠠᠮᠵᠢᠯᠠᠯᠳᠦ ᠰᠢᠯᠢᠳᠡᠭ ᠡᠭᠦᠯᠳᠡᠷ ᠤᠨ ᠮᠠᠯ ᠢ ᠪᠠᠰᠠ ᠤᠯᠵᠤ ᠳᠡᠶᠢᠯᠬᠦ ᠤᠤ︖ ᠮᠠᠰᠢ ᠬᠦᠴᠢᠷ ᠮᠠᠭᠠᠳ᠂ ᠭᠡᠪᠡᠴᠤ ᠬᠡᠷᠪᠡ ᠤᠯᠳᠠᠪᠠᠯ ᠦᠷᠡᠵᠢᠬᠦ ᠨᠢ ᠴᠤ ᠬᠤᠷᠳᠤᠨ ᠶᠤᠮ ᠡ᠃ ᠪᠢᠳᠡ ᠰᠤᠶᠤᠯ ᠤᠨ ᠭᠧᠨ ᠢᠶᠠᠨ ᠦᠨᠳᠦᠰᠦ ᠲᠠᠰᠤᠷᠠᠭᠤᠯᠵᠤ ᠪᠤᠯᠬᠤ ᠦᠭᠡᠢ᠂ ᠠᠮᠢᠳᠤ ᠪᠤᠳᠠᠰ ᠤᠨ ᠭᠧᠨ ᠢ ᠴᠤ ᠦᠨᠳᠦᠰᠦ ᠲᠠᠰᠤᠷᠠᠭᠤᠯᠵᠤ ᠪᠤᠯᠬᠤ ᠦᠭᠡᠢ᠃          ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠲᠠᠢ ᠤᠶᠠᠯᠳᠤᠭᠤᠯᠬᠤ ᠲᠤᠬᠠᠢ      ᠲᠤᠰᠬᠠᠢ ᠮᠡᠷᠭᠡᠵᠢᠯᠳᠡᠨ ᠯᠢ ᠰᠢᠶᠠᠨ ᠳ᠋ᠧ ︵ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ᠂ ᠬᠦᠳᠡᠭᠡ ᠠᠵᠤ ᠠᠬᠤᠢ ᠶᠢᠨ ᠲᠤᠰᠬᠠᠢ ᠮᠡᠷᠭᠡᠵᠢᠯᠳᠡᠨ︶᠄ ᠬᠡᠷᠡᠭ ᠳᠡᠭᠡᠷ᠎ᠠ ᠪᠠᠨ᠂ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠭᠡᠬᠦ ᠨᠢ ᠵᠦᠪᠬᠡᠨ ᠨᠢᠭᠡ ᠵᠦᠢᠯ ᠤᠨ ᠴᠢᠳᠠᠪᠤᠷᠢ ᠶᠢᠨ ᠪᠠᠶᠢᠭᠤᠯᠤᠯᠳᠠ ᠲᠡᠳᠦᠢ᠂ ᠲᠤᠰᠬᠠᠢ ᠪᠡᠯᠡ ᠮᠦᠩᠬᠦ ᠭᠡᠵᠦ ᠪᠠᠷᠤᠭ ᠪᠠᠶᠢᠬᠤ ᠦᠭᠡᠢ᠃ ᠡᠨᠡ ᠦᠪ ᠨᠢ ᠵᠦᠪᠬᠡᠨ ᠨᠢᠭᠡ ᠵᠦᠢᠯ ᠤᠨ ᠦᠨᠡᠯᠡᠯᠳᠡ ᠲᠡᠳᠦᠢ᠂ ᠡᠨᠡ ᠦᠪ ᠢᠶᠠᠨ ᠬᠠᠮᠤᠭ ᠡᠴᠤᠰ ᠲᠤ ᠪᠦᠷ ᠦᠪᠡᠰᠦᠪᠡᠨ ᠠᠷᠭ᠎ᠠ ᠪᠤᠳᠤᠵᠤ ᠬᠠᠮᠠᠭᠠᠯᠠᠬᠤ ᠬᠡᠷᠡᠭᠳᠠᠢ᠃ ᠦᠪᠡᠷ ᠤᠨ ᠤᠯᠤᠰ ᠤᠨ ᠢᠶᠠᠨ ᠳᠠᠪᠬᠤᠷᠭ᠎ᠠ ᠳᠤ ᠠᠪᠠᠴᠢᠵᠤ᠂ ᠪᠠᠶᠢᠯᠳᠤᠬᠤ ᠪᠤᠳᠤᠯᠭ᠎ᠠ ᠶᠢᠨ ᠳᠠᠪᠬᠤᠷᠭ᠎ᠠ ᠠᠴᠠ ᠤᠴᠢᠵᠤ ᠪᠡᠯᠡ ᠮᠦᠩᠬᠦ ᠤᠯᠬᠤ ᠴᠢᠬᠤᠯᠠ ᠲᠠᠢ᠃ ᠮᠠᠨ ᠤ ᠤᠯᠤᠰ ᠤᠨ ᠬᠤᠪᠢ ᠳᠤ᠂ ᠪᠢᠳᠡ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠲᠠᠢ ᠤᠶᠠᠯᠳᠤᠭᠤᠯᠵᠤ ᠪᠤᠯᠤᠨ᠎ᠠ᠃ ᠤᠳᠤ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠲᠡᠦᠬᠡᠨ ᠳᠤ ᠦᠭᠡᠢ ᠦᠨᠳᠦᠷᠴᠠ ᠳᠤ ᠳᠤᠷᠠᠳᠴᠤ ᠪᠤᠢ᠃ ᠪᠢᠳᠡ ᠬᠦᠳᠡᠭᠡ ᠠᠵᠤ ᠠᠬᠤᠢ ᠶᠢᠨ ᠰᠤᠶᠤᠯ ᠤᠨ ᠦᠪ ᠢᠶᠠᠨ ᠡᠨᠡ ᠪᠠᠶᠢᠯᠳᠤᠬᠤ ᠪᠤᠳᠤᠯᠭ᠎ᠠ ᠳᠤ ᠠᠭᠤᠰᠬᠠᠪᠠᠯ ᠰᠠᠶ᠋ᠢ ᠨᠡᠩ ᠶᠡᠭᠡ ᠬᠦᠭᠵᠢᠯᠳᠡ ᠶᠢᠨ ᠤᠷᠤᠨ ᠵᠠᠢ ᠲᠠᠢ ᠪᠤᠯᠵᠤ ᠴᠢᠳᠠᠨ᠎ᠠ᠃ ᠠᠵᠤ ᠠᠬᠤᠢ ᠶᠢᠨ ᠬᠤᠪᠢ ᠳᠤ᠂ ᠮᠠᠨ ᠤ ᠠᠳᠡᠬᠢ ᠦᠪᠡᠷᠮᠢᠴᠡ ᠰᠢᠨᠵᠢ ᠭᠡᠭᠴᠢ ᠨᠡᠭᠡᠷᠡᠨ ᠦᠪᠡᠷᠮᠢᠴᠡ ᠤᠤ︖ ᠡᠨᠡ ᠦᠪᠡᠷᠮᠢᠴᠡ ᠴᠢᠨᠠᠷ ᠨᠢ ᠶᠠᠮᠠᠷ ᠵᠦᠢᠯ ᠤᠨ ᠪᠦᠲᠦᠭᠡᠭᠳᠡᠭᠦᠨ ᠢ ᠡᠭᠦᠳᠴᠤ ᠪᠤᠯᠬᠤ ᠪᠤᠢ︖ ᠡᠨᠡ ᠨᠢ ᠶᠠᠮᠠᠷ ᠶᠠᠩᠵᠤ ᠶᠢᠨ ᠲᠦᠷᠦ ᠶᠢᠨ ᠪᠤᠳᠤᠯᠭ᠎ᠠ ᠶᠢ ᠬᠦᠰᠡᠵᠦ ᠪᠤᠯᠬᠤ ᠪᠤᠢ︖ ᠡᠨᠡ ᠲᠠᠯ᠎ᠠ ᠪᠠᠷ ᠪᠢᠳᠡ ᠡᠷᠬᠡᠪᠰᠢ ᠤᠷᠤᠨ ᠤ ᠳᠠᠪᠬᠤᠷᠭ᠎ᠠ᠂ ᠡᠰᠡᠭᠦᠯ᠎ᠠ ᠤᠯᠤᠰ ᠤᠨ ᠳᠠᠪᠬᠤᠷᠭ᠎ᠠ ᠶᠢᠨ ᠬᠢᠨ ᠢ ᠦᠨᠡᠮᠰᠢᠭᠦᠯᠬᠦ ᠬᠡᠷᠡᠭᠳᠠᠢ᠃ ᠨᠦᠬᠦᠭᠡ ᠲᠠᠯ᠎ᠠ ᠪᠠᠷ᠂ ᠨᠡᠷᠡᠳᠦ ᠲᠡᠮᠳᠡᠭ ᠤᠤ᠂ ᠵᠤᠭᠠᠴᠠᠯ ᠤᠤ᠂ ᠨᠢᠭᠡᠳᠤᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ ᠠᠭᠤᠰᠤᠯᠴᠠᠭᠤᠯᠬᠤ ᠵᠡᠷᠭᠡ ᠶᠢ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ᠂ ᠬᠦᠳᠡᠭᠡ ᠲᠤᠰᠬᠤᠨ ᠤ ᠬᠦᠭᠵᠢᠯᠳᠡ ᠳᠡᠭᠡᠷ᠎ᠠ ᠪᠦᠷ ᠳᠤᠷᠠᠳᠳᠠᠭ᠂ ᠭᠡᠬᠦ ᠳᠤ ᠪᠢᠳᠡ ᠪᠤᠳᠠᠳᠠᠢ ᠳᠤ ᠶᠠᠮᠠᠷ ᠴᠢᠭᠯᠡᠯ ᠢᠶᠠᠷ᠂ ᠶᠠᠮᠠᠷ ᠶᠠᠩᠵᠤ ᠪᠠᠷ᠂ ᠶᠠᠮᠠᠷ ᠠᠷᠭ᠎ᠠ ᠬᠡᠯᠪᠡᠷᠢ ᠪᠠᠷ᠂ ᠶᠠᠮᠠᠷ ᠵᠠᠮ ᠱᠤᠭᠤᠮ ᠢᠶᠠᠷ᠂ ᠶᠠᠮᠠᠷ ᠭᠤᠤᠯ ᠴᠤᠭᠴᠠ ᠪᠠᠷ ᠬᠡᠷᠡᠭᠵᠢᠭᠦᠯᠵᠦ᠂ ᠶᠠᠮᠠᠷ ᠪᠦᠲᠦᠭᠡᠭᠳᠡᠭᠦᠨ ᠢ ᠡᠭᠦᠳᠬᠦ ᠭᠡᠬᠦ ᠵᠡᠷᠭᠡ ᠪᠠᠷ᠂ ᠪᠢᠳᠡ ᠴᠦᠮ ᠵᠢᠵᠢᠭ ᠵᠢᠵᠢᠭ ᠲᠦᠷᠦᠯ ᠵᠦᠢᠯ ᠠᠴᠠ ᠪᠠᠨ ᠦᠰᠦᠷᠤᠨ ᠭᠠᠷᠴᠤ᠂ ᠲᠤᠮᠤ ᠪᠠᠶᠢᠯᠳᠤᠬᠤ ᠪᠤᠳᠤᠯᠭ᠎ᠠ ᠲᠠᠢ᠂ ᠤᠷᠳᠤ ᠬᠤᠭᠤᠴᠠᠭᠠᠨ ᠤ ᠶᠡᠷᠦᠩᠬᠡᠶᠢᠯᠡᠭᠰᠡᠨ ᠪᠦᠬᠦᠯᠢ ᠴᠤᠭᠴᠠ ᠶᠢᠨ ᠬᠦᠭᠵᠢᠯᠳᠡ ᠲᠠᠢ ᠤᠷᠭᠠᠨᠢᠭ ᠢᠶᠠᠷ ᠤᠶᠠᠯᠳᠤᠭᠤᠯᠬᠤ ᠬᠡᠷᠡᠭᠳᠠᠢ᠃
            ᠮᠠᠰᠠᠢ ᠪᠦᠰᠡᠬᠦᠢ ᠬᠡᠦᠭᠡᠳ ᠲᠠᠢ ᠪᠠᠨ          ᠠᠰᠢᠡᠡᠯᠠᠬᠤ ᠪᠤᠯ ᠬᠠᠮᠤᠭ ᠰᠠᠶᠢᠨ ᠬᠠᠮᠠᠭᠠᠯᠠᠯᠳᠠ      ᠲᠤᠰᠬᠠᠢ ᠮᠡᠷᠭᠡᠵᠢᠯᠳᠡᠨ ᠮᠢᠨ ᠴᠢᠩ ᠸᠧᠨ ︵ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠰᠢᠨᠵᠢᠯᠡᠬᠦ ᠤᠬᠠᠭᠠᠨᠴᠢ ᠵᠦᠪᠯᠡᠯᠭᠡ ᠦᠭᠬᠦ ᠲᠤᠭᠤᠢᠢᠯᠠᠩ ᠤᠨ ᠳᠡᠳ᠋ ᠲᠡᠷᠢᠭᠦᠯᠡᠭᠴᠢ︶᠄ ᠮᠠᠨ ᠤ ᠠᠳᠡ ᠶᠠᠷᠢᠵᠤ ᠪᠠᠶᠢᠭ᠎ᠠ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠪᠤᠯ ᠨᠢᠭᠡᠨ ᠬᠦᠳᠡᠯᠦᠩᠭᠦᠢ ᠠᠮᠢᠳᠤ ᠰᠢᠰᠲ᠋ᠧᠮ ᠪᠤᠯᠤᠨ᠎ᠠ᠃ ᠬᠠᠮᠠᠭᠠᠯᠠᠬᠤ ᠳᠡᠭᠡᠷ᠎ᠠ ᠪᠢᠳᠡ ᠬᠦᠳᠡᠯᠦᠩᠭᠦᠢ ᠬᠠᠮᠠᠭᠠᠯᠠᠯᠳᠠ ᠭᠡᠬᠦ ᠤᠬᠠᠭᠳᠠᠬᠤᠨ ᠢ ᠳᠤᠷᠠᠳᠴᠤ ᠪᠤᠢ᠃ ᠡᠨᠡ ᠲᠠᠯ᠎ᠠ ᠪᠠᠷ ᠮᠠᠨ ᠤ ᠬᠦᠳᠡᠭᠡ ᠠᠵᠤ ᠠᠬᠤᠢ ᠬᠦ᠋ᠳᠡᠭᠡ ᠲᠤᠰᠬᠤᠨ ᠤ ᠶᠠᠮᠤᠨ ᠨᠢᠭᠡᠨ ᠮᠠᠰᠢ ᠴᠢᠬᠤᠯᠠ ᠵᠠᠷᠴᠢᠮ ᠳᠤᠷᠠᠳᠴᠠᠢ᠂ ᠳᠠᠷᠤᠢ ᠠᠭᠤᠳᠠᠯᠬᠤ ᠳᠤᠮᠳᠠ ᠬᠠᠮᠠᠭᠠᠯᠠᠵᠤ᠂ ᠠᠰᠢᠡᠡᠯᠠᠬᠤ ᠳᠤᠮᠳᠠ ᠤᠯᠠᠮᠵᠢᠯᠠᠨ᠎ᠠ᠃ ᠬᠡᠷᠡᠭ ᠳᠡᠭᠡᠷ᠎ᠠ ᠪᠠᠨ ᠠᠰᠢᠡᠡᠯᠠᠬᠤ ᠪᠤᠯ ᠬᠠᠮᠤᠭ ᠰᠠᠶᠢᠨ ᠬᠠᠮᠠᠭᠠᠯᠠᠯᠳᠠ᠃ ᠮᠠᠨ ᠤ ᠬᠢ ᠵᠠᠰᠠᠭ ᠵᠠᠬᠢᠷᠭᠠᠨ ᠪᠠ ᠲᠤᠰᠬᠠᠢ ᠮᠡᠷᠭᠡᠵᠢᠯ ᠢ ᠤᠶᠠᠯᠳᠤᠭᠤᠯᠤᠭᠰᠠᠨ ᠬᠠᠮᠢᠶᠠᠷᠤᠯᠳᠠ ᠶᠢᠨ ᠬᠦᠮᠦᠰ ᠪᠠᠶᠢᠬᠤ ᠬᠡᠷᠡᠭᠳᠠᠢ᠃ ᠮᠠᠨ ᠤ ᠠᠷᠤ ᠬᠤᠷᠴᠢᠨ ᠤ ᠬᠤᠰᠢᠭᠤᠨ ᠳᠠᠷᠤᠭ᠎ᠠ ᠪᠠ ᠱᠦᠵᠢ ᠤᠳᠤ ᠴᠦᠮ ᠪᠡᠶ᠎ᠠ ᠪᠠᠷ ᠢᠶᠠᠨ ᠤᠳᠤᠷᠢᠳᠬᠤ ᠳᠤᠭᠤᠢᠢᠯᠠᠩ ᠤᠨ ᠳᠠᠷᠤᠭ᠎ᠠ ᠪᠤᠯᠵᠤ ᠪᠠᠶᠢᠨ᠎ᠠ᠂ ᠡᠨᠡ ᠨᠢ ᠮᠠᠰᠢ ᠴᠢᠬᠤᠯᠠ᠃ ᠤᠴᠢᠷ ᠨᠢ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠬᠠᠮᠠᠭᠠᠯᠠᠯᠳᠠ ᠪᠠ ᠠᠰᠢᠡᠡᠯᠠᠯᠳᠠ ᠨᠢ ᠠᠯᠢ ᠨᠢᠭᠡᠨ ᠰᠠᠯᠠᠭ᠎ᠠ ᠮᠦᠴᠢᠷ ᠤᠨ ᠠᠰᠠᠭᠤᠳᠠᠯ ᠪᠢᠰᠢ᠂ ᠬᠠᠷᠢᠨ ᠤᠯᠠᠨ ᠰᠠᠯᠠᠭ᠎ᠠ ᠮᠦᠴᠢᠷ ᠬᠠᠮᠳᠤᠷᠠᠨ ᠠᠵᠢᠯᠯᠠᠵᠤ ᠬᠠᠮᠳᠤ ᠪᠠᠷ ᠴᠢᠷᠮᠠᠶᠢᠬᠤ ᠶᠢ ᠱᠠᠭᠠᠷᠳᠠᠨ᠎ᠠ᠂ ᠡᠭᠦᠨ ᠳᠤ ᠠᠳᠠᠯᠢ ᠪᠤᠰᠤ ᠰᠠᠯᠠᠭ᠎ᠠ ᠮᠦᠴᠢᠷ ᠢ ᠬᠠᠷᠢᠯᠴᠠᠨ ᠵᠤᠬᠢᠴᠠᠭᠤᠯᠬᠤ ᠠᠵᠢᠯ ᠪᠤᠢ᠃ ᠮᠠᠨ ᠤ ᠨᠡᠭᠦᠳᠡᠯ ᠮᠠᠯᠵᠢᠯ ᠤᠨ ᠰᠢᠰᠲ᠋ᠧᠮ ᠢᠶᠠᠷ ᠠᠪᠴᠤ ᠬᠡᠯᠡᠬᠦ ᠳᠤ᠂ ᠬᠠᠮᠠᠭᠠᠯᠠᠯᠳᠠ ᠶᠢᠨ ᠤᠷᠤᠨ ᠤ ᠠᠰᠠᠭᠤᠳᠠᠯ᠂ ᠤᠢ ᠰᠢᠭᠤᠢ ᠶᠢᠨ ᠰᠠᠯᠠᠭ᠎ᠠ ᠮᠦᠴᠢᠷ ᠤᠨ ᠠᠰᠠᠭᠤᠳᠠᠯ᠂ ᠤᠰᠤᠨ ᠤ ᠡᠬᠢ ᠪᠠᠶᠠᠯᠢᠭ ᠤᠨ ᠠᠰᠠᠭᠤᠳᠠᠯ ᠪᠤᠢ᠂ ᠶᠠᠷᠢᠶᠠᠨ ᠦᠭᠡᠢ ᠭᠤᠤᠯ ᠨᠢ ᠮᠠᠯ ᠠᠵᠤ ᠠᠬᠤᠢ ᠶᠢᠨ ᠰᠠᠯᠠᠭ᠎ᠠ ᠮᠦᠴᠢᠷ ᠤᠨ ᠠᠰᠠᠭᠤᠳᠠᠯ ᠪᠠᠶᠢᠨ᠎ᠠ᠂ ᠪᠠᠰᠠ ᠰᠤᠶᠤᠯ ᠵᠤᠭᠠᠴᠠᠯ ᠤᠨ ᠰᠠᠯᠠᠭ᠎ᠠ ᠮᠦᠴᠢᠷ ᠤᠨ ᠠᠰᠠᠭᠤᠳᠠᠯ᠂ ᠦᠨᠳᠦᠰᠦᠳᠠᠨ ᠱᠠᠰᠢᠨ ᠰᠤᠷᠳᠠᠬᠤᠨ ᠤ ᠲᠠᠯ᠎ᠠ ᠶᠢᠨ ᠠᠰᠠᠭᠤᠳᠠᠯ ᠵᠡᠷᠭᠡ ᠪᠤᠢ᠃ ᠨᠦᠬᠦᠭᠡ ᠲᠠᠯ᠎ᠠ ᠪᠠᠷ᠂ ᠮᠠᠨ ᠤ ᠬᠡᠯᠡᠵᠦ ᠪᠠᠶᠢᠭ᠎ᠠ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠭᠡᠬᠦ ᠨᠢ ᠤᠳᠤ ᠪᠠᠶᠢᠭ᠎ᠠ ᠰᠤᠶᠤᠯ ᠤᠨ ᠦᠪ ᠢ ᠬᠡᠯᠡᠵᠦ ᠪᠤᠢ᠂ ᠡᠭᠦᠨ ᠳᠤ ᠪᠢᠳᠡ ᠵᠤᠬᠢᠬᠤ ᠬᠡᠮᠵᠢᠶᠠᠨ ᠲᠤᠳᠤᠷ᠎ᠠ ᠪᠠᠨ ᠦᠩᠭᠡᠷᠡᠭᠰᠡᠨ ᠤ ᠵᠠᠷᠢᠮ ᠵᠦᠢᠯᠡᠰ ᠢ ᠰᠡᠷᠭᠦᠭᠡᠵᠦ ᠪᠤᠯᠤᠨ᠎ᠠ᠃ ᠵᠢᠱᠢᠶᠡᠯᠡᠨ ᠬᠡᠯᠡᠬᠦ ᠳᠤ᠂ ᠲᠠᠨ ᠤ ᠬᠠᠰᠠᠭ ᠲᠡᠷᠭᠡ ᠦᠢᠯᠡᠳᠬᠦ ᠤᠷ᠎ᠠ ᠮᠡᠷᠭᠡᠵᠢᠯ ᠪᠤᠯ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ᠂ ᠡᠭᠦᠨ ᠢ ᠪᠦᠬᠦ ᠬᠤᠰᠢᠭᠤᠨ ᠳᠤ ᠡᠰᠡᠭᠦᠯ᠎ᠠ ᠮᠠᠯᠵᠢᠬᠤ ᠤᠷᠤᠨ ᠳᠤ ᠪᠦᠬᠦᠨ ᠢ ᠰᠡᠷᠭᠦᠭᠡᠨ᠎ᠠ ᠭᠡᠭᠴᠢ ᠪᠠᠶᠢᠵᠤ ᠴᠢᠳᠠᠰᠢ ᠦᠭᠡᠢ᠂ ᠭᠡᠪᠡᠴᠤ ᠮᠠᠨ ᠤ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠤᠨ ᠭᠤᠤᠯ ᠬᠠᠮᠠᠭᠠᠯᠠᠯᠳᠠ ᠶᠢᠨ ᠤᠷᠤᠨ ᠳᠤ ᠮᠠᠯᠴᠢᠳ ᠢ ᠮᠠᠰᠢᠨ ᠲᠡᠷᠭᠡ᠂ ᠮᠤᠲ᠋ᠤᠷ ᠲᠡᠷᠭᠡ ᠶᠢ ᠪᠠᠭ᠎ᠠ ᠰᠢᠭ᠋ ᠬᠡᠷᠡᠭᠯᠡᠭᠦᠯᠵᠦ᠂ ᠬᠠᠰᠠᠭ ᠲᠡᠷᠭᠡ ᠶᠢ ᠬᠡᠷᠡᠭᠯᠡᠭᠦᠯᠵᠦ ᠪᠤᠯᠤᠨ᠎ᠠ ᠤᠤ︖ ᠢᠩᠬᠢᠪᠡᠯ ᠡᠨᠡ ᠨᠢ ᠦᠪᠡᠷᠮᠢᠴᠡ ᠦᠵᠡᠮᠵᠢ ᠪᠤᠯᠬᠤ ᠪᠦᠭᠡᠳ ᠦᠢᠯᠡᠳᠪᠤᠷᠢᠯᠡᠯ ᠠᠮᠢᠳᠤᠷᠠᠯ ᠤᠨ ᠶᠠᠪᠤᠴᠠ ᠪᠠ ᠠᠷᠭ᠎ᠠ ᠬᠡᠯᠪᠡᠷᠢ ᠪᠤᠯᠴᠢᠬᠠᠨ᠎ᠠ᠃ ᠡᠨᠡ ᠨᠢ ᠲᠡᠷᠡ ᠬᠡᠪ ᠢᠶᠠᠷ ᠢᠶᠠᠨ ᠰᠤᠶᠤᠯ᠂ ᠲᠡᠷᠡ ᠬᠡᠪ ᠢᠶᠠᠷ ᠢᠶᠠᠨ ᠵᠤᠭᠠᠴᠠᠯ ᠤᠨ ᠡᠬᠢ ᠪᠠᠶᠠᠯᠢᠭ ᠪᠤᠯᠬᠤ ᠪᠤᠯᠤᠨ᠎ᠠ᠃ ᠪᠢᠳᠡ ᠡᠶᠢᠮᠦᠷᠬᠦᠦ ᠵᠢᠱᠢᠶ᠎ᠠ ᠦᠵᠡᠭᠦᠯᠬᠦ ᠡᠷᠦᠬᠡ ᠭᠠᠷᠭᠠᠵᠤ᠂ ᠲᠡᠳᠡᠨ ᠳᠤ ᠮᠠᠨ ᠤ ᠬᠦᠳᠡᠭᠡ ᠠᠵᠤ ᠠᠬᠤᠢ ᠶᠢᠨ ᠦᠪ ᠲᠤ ᠬᠤᠯᠪᠤᠭᠳᠠᠬᠤ ᠵᠠᠷᠢᠮ ᠪᠡᠯᠡ ᠤᠷᠤᠭᠤᠯᠤᠯᠳᠠ ᠶᠢᠨ ᠴᠢᠨᠠᠷᠳᠠᠢ ᠲᠦᠷᠦᠯ ᠵᠦᠢᠯ ᠢ ᠤᠯᠭᠤᠵᠤ ᠤᠷᠤᠯᠭ᠎ᠠ ᠶᠢ ᠨᠢ ᠳᠡᠭᠡᠭᠰᠢᠯᠡᠭᠦᠯᠵᠦ ᠪᠤᠯᠤᠨ᠎ᠠ᠃ ᠡᠶᠢᠮᠦᠷᠬᠦᠦ ᠤᠢᠢᠯᠠᠭᠠᠯᠳᠠ ᠪᠠᠷ ᠬᠢᠪᠡᠯ᠂ ᠮᠠᠨ ᠤ ᠨᠡᠭᠦᠳᠡᠯ ᠮᠠᠯᠵᠢᠯ ᠤᠨ ᠰᠢᠰᠲ᠋ᠧᠮ ᠤᠨ ᠤᠷᠤᠨ ᠳᠤ ᠮᠠᠰᠢᠨ ᠲᠡᠷᠭᠡ ᠮᠤᠲ᠋ᠤᠷ ᠲᠡᠷᠭᠡ ᠪᠠᠭ᠎ᠠ ᠪᠤᠯᠵᠤ᠂ ᠮᠠᠰᠢᠨ ᠲᠡᠷᠭᠡ ᠰᠦᠷ ᠳᠠᠳᠠᠭᠤᠯᠤᠨ ᠰᠠᠨᠠᠭ᠎ᠠ ᠪᠠᠷ ᠢᠶᠠᠨ ᠳᠠᠪᠬᠢᠵᠤ ᠵᠠᠮ ᠭᠠᠷᠭᠠᠨ ᠨᠤᠳᠤᠭ ᠪᠡᠯᠴᠢᠭᠡᠷ ᠢ ᠡᠪᠳᠡᠬᠦ ᠦᠵᠡᠭᠳᠡᠯ ᠢ ᠪᠠᠭᠠᠰᠬᠠᠵᠤ ᠳᠡᠶᠢᠯᠬᠦ ᠪᠦᠭᠡᠳ ᠭᠠᠳᠠᠨᠠᠬᠢ ᠬᠦᠮᠦᠰ ᠢᠷᠡᠪᠡᠯ ᠪᠠᠰᠠ ᠤᠨᠳᠤᠤ ᠲᠦᠷᠦᠭᠳᠡᠯ ᠲᠠᠢ ᠪᠤᠯᠤᠨ᠎ᠠ᠃        ᠵᠤᠭᠠᠴᠠᠯ ᠢ ᠬᠡᠷᠬᠢᠨ ᠬᠦᠭᠵᠢᠭᠦᠯᠬᠦ ᠲᠤᠬᠠᠢ      ᠲᠤᠰᠬᠠᠢ ᠮᠡᠷᠭᠡᠵᠢᠯᠳᠡᠨ ᠮᠢᠨ ᠴᠢᠩ ᠸᠧᠨ ︵ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠴᠢ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠠᠮᠤ ᠪᠤᠳᠠᠭ᠎ᠠ ᠬᠢᠭᠡᠳ ᠬᠦᠳᠡᠭᠡ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠶᠢᠨ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠤᠨ ᠰᠢᠨᠵᠢᠯᠡᠬᠦ ᠤᠬᠠᠭᠠᠨᠴᠢ ᠵᠦᠪᠯᠡᠯᠭᠡ ᠦᠭᠬᠦ ᠲᠤᠭᠤᠢᠢᠯᠠᠩ ᠤᠨ ᠳᠡᠳ᠋ ᠲᠡᠷᠢᠭᠦᠯᠡᠭᠴᠢ︶᠄ ᠬᠦᠳᠡᠭᠡ ᠠᠵᠤ ᠠᠬᠤᠢ ᠶᠢᠨ ᠰᠤᠶᠤᠯ ᠤᠨ ᠦᠪ ᠤᠨ ᠬᠢᠨ ᠯᠠᠪᠳᠠᠢ ᠵᠤᠭᠠᠴᠠᠯ ᠢ ᠬᠦᠭᠵᠢᠭᠦᠯᠦᠨ᠎ᠠ᠂ ᠭᠡᠪᠡᠴᠤ ᠵᠤᠭᠠᠴᠠᠯ ᠢ ᠬᠦᠭᠵᠢᠭᠦᠯᠬᠦ ᠨᠢ ᠬᠠᠮᠤᠭ ᠴᠢᠬᠤᠯᠠ ᠠᠵᠢᠯ ᠪᠢᠰᠢ᠂ ᠵᠠᠪᠠᠯ ᠬᠢᠬᠦ ᠠᠵᠢᠯ ᠴᠤ ᠪᠢᠰᠢ᠃ ᠪᠢᠳᠡ ᠵᠤᠭᠠᠴᠠᠯ ᠳᠠᠭᠠᠨ ᠠᠵᠤ ᠠᠬᠤᠢᠢᠯᠠᠯ ᠢ ᠳᠠᠳᠠᠨ ᠤᠷᠤᠭᠤᠯᠬᠤ ᠶᠢ ᠬᠢᠨᠠᠭᠤᠷ ᠪᠤᠯᠭᠤᠮᠵᠢᠳᠠᠢ ᠪᠤᠳᠤᠯᠬᠢᠯᠠᠬᠤ ᠬᠡᠷᠡᠭᠳᠠᠢ᠃ ᠵᠤᠭᠠᠴᠠᠯ ᠢ ᠰᠠᠶᠢᠨ ᠬᠦᠭᠵᠢᠭᠦᠯᠦᠭᠰᠡᠨ ᠪᠤᠯᠪᠠᠴᠤ ᠦᠪ ᠰᠤᠶᠤᠯ ᠤᠨ ᠬᠠᠮᠠᠭᠠᠯᠠᠯᠳᠠ ᠢᠯᠠᠭᠳᠠᠯ ᠳᠤ ᠤᠴᠠᠷᠠᠭᠰᠠᠨ ᠪᠠᠶᠢᠳᠠᠯ ᠳᠤ ᠬᠦᠷᠭᠡᠵᠦ ᠪᠤᠯᠬᠤ ᠦᠭᠡᠢ᠃ ᠮᠠᠨ ᠤ ᠬᠦᠳᠡᠭᠡ ᠠᠵᠤ ᠠᠬᠤᠢ ᠶᠢᠨ ᠰᠤᠶᠤᠯ ᠤᠨ ᠦᠪ ᠤᠨ ᠤᠷᠤᠨ ᠤ ᠵᠤᠭᠠᠴᠠᠯ ᠤᠨ ᠬᠦᠭᠵᠢᠯᠳᠡ᠂ ᠬᠦᠳᠡᠭᠡ ᠠᠵᠤ ᠠᠬᠤᠢ ᠶᠢᠨ ᠬᠦᠭᠵᠢᠯᠳᠡ ᠶᠢᠨ ᠲᠦᠯᠦᠪᠵᠢᠭᠦᠯᠭᠡ ᠶᠢ ᠬᠠᠮᠤᠭ ᠡᠴᠤᠰ ᠲᠤ ᠡᠷᠬᠡᠪᠰᠢ ᠬᠠᠮᠢᠶ᠎ᠠ ᠪᠦᠬᠦᠢ ᠲᠤᠰᠬᠠᠢ ᠮᠡᠷᠭᠡᠵᠢᠯᠳᠡᠨ ᠢᠶᠠᠷ ᠦᠨᠡᠯᠡᠯᠳᠡ ᠬᠢᠯᠭᠡᠬᠦ ᠬᠡᠷᠡᠭᠳᠠᠢ᠃ ᠡᠭᠦᠨ ᠤ ᠬᠠᠮᠳᠤ ᠪᠢᠳᠡ ᠶᠠᠮᠠᠷ ᠨᠢᠭᠡᠨ ᠶᠠᠭᠤᠮ᠎ᠠ ᠶᠢ ᠡᠭᠦᠳᠴᠤ ᠴᠤᠭᠴᠠᠯᠠᠨ᠎ᠠ ᠭᠡᠬᠦ ᠪᠠᠨ ᠪᠤᠯᠢᠬᠤ ᠬᠡᠷᠡᠭᠳᠠᠢ᠃ ᠤᠯᠤᠰ ᠤᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ᠂ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠭᠡᠬᠦ ᠨᠢ ᠲᠡᠷᠡ ᠬᠡᠪ ᠢᠶᠠᠷ ᠢᠶᠠᠨ ᠨᠡᠷᠡᠳᠦ ᠲᠡᠮᠳᠡᠭ᠂ ᠪᠢᠳᠡ ᠪᠤᠰᠤᠳ ᠤᠨᠴᠠᠭᠠᠢ ᠨᠡᠷᠡᠳᠦ ᠲᠡᠮᠳᠡᠭ ᠡᠭᠦᠳᠬᠦ ᠴᠢᠬᠤᠯᠠ ᠦᠭᠡᠢ᠃ ᠪᠢᠳᠡ ᠦᠵᠤ ᠵᠤᠭᠠᠴᠠᠯ ᠤᠨ ᠵᠠᠬ᠎ᠠ ᠳᠡᠯᠭᠡᠭᠦᠷ ᠢ ᠪᠤᠢ ᠪᠤᠯᠭᠠᠵᠤ᠂ ᠦᠵᠤ ᠬᠦᠳᠡᠭᠡ ᠠᠵᠤ ᠠᠬᠤᠢ ᠶᠢᠨ ᠪᠦᠲᠦᠭᠡᠭᠳᠡᠭᠦᠨ ᠢ ᠪᠤᠷᠤᠯᠠᠭᠤᠯᠬᠤ ᠬᠡᠷᠡᠭᠳᠠᠢ᠃ 
            ᠮᠠᠰᠠᠶᠢᠴᠤᠳ ᠤᠨ ᠤᠷᠤᠨ ᠰᠠᠭᠤᠴᠠ              ︽ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠳᠠ ᠮᠦᠩᠭᠦᠨ ᠠᠭᠤᠯᠠ           ᠮᠦᠨ︾ ᠭᠡᠬᠦ ᠤᠢᠢᠯᠠᠭᠠᠭᠳᠠᠬᠤᠨ ᠲᠠᠢ ᠤᠶᠠᠯᠳᠤᠭᠤᠯᠬᠤ ᠲᠤᠬᠠᠢ       ᠲᠤᠰᠬᠠᠢ ᠮᠡᠷᠭᠡᠵᠢᠯᠳᠡᠨ ᠵᠠᠩ ᠯᠢᠨ ᠪᠦᠸᠧ ︵ᠳᠤᠮᠳᠠᠳᠤ ᠤᠯᠤᠰ ᠤᠨ ᠤᠷᠴᠢᠨ ᠲᠤᠭᠤᠷᠢᠨ ᠤ ᠰᠢᠨᠵᠢᠯᠡᠬᠦ ᠤᠬᠠᠭᠠᠨ ᠰᠤᠳᠤᠯᠬᠤ ᠬᠦᠷᠢᠶᠡᠯᠡᠩ ᠤᠨ ᠰᠤᠳᠤᠯᠤᠭᠴᠢ᠂ ᠠᠮᠢ ᠠᠬᠤᠢ ᠤᠷᠴᠢᠨ ᠲᠤᠭᠤᠷᠢᠨ ᠤ ᠤᠬᠠᠭᠠᠨ ᠤ ᠲᠤᠰᠬᠠᠢ ᠮᠡᠷᠭᠡᠵᠢᠯᠳᠡᠨ︶᠄ ᠪᠢᠳᠡ ᠦᠪᠡᠷ ᠤᠨ ᠠᠮᠢ ᠠᠬᠤᠢ ᠶᠢᠨ ᠪᠦᠲᠦᠭᠡᠭᠳᠡᠭᠦᠨ ᠤ ᠦᠨ᠎ᠠ ᠦᠷᠳᠡᠭ ᠢᠶᠠᠨ ᠰᠢᠨᠵᠢᠯᠠᠨ ᠪᠠᠶᠢᠴᠠᠭᠠᠵᠤ ᠪᠦᠷᠢᠳᠭᠡᠬᠦ ᠬᠡᠷᠡᠭᠳᠠᠢ᠂ ᠮᠠᠨ ᠤ ᠨᠡᠭᠦᠳᠡᠯ ᠮᠠᠯᠵᠢᠯ ᠤᠨ ᠰᠢᠰᠲ᠋ᠧᠮ ᠤᠨ ᠬᠤᠪᠢ ᠨᠡᠮᠡᠷᠢ ᠪᠠ ᠦᠷ᠎ᠠ ᠠᠰᠢᠭ ᠢ ᠰᠠᠶᠢᠳᠦᠷ ᠲᠤᠭᠠᠴᠠᠨ ᠪᠤᠳᠤᠬᠤ ᠬᠡᠷᠡᠭᠳᠠᠢ᠂ ᠪᠢᠳᠡ ᠠᠮᠢ ᠠᠬᠤᠢ ᠶᠢ ᠬᠠᠮᠠᠭᠠᠯᠠᠬᠤ ᠶᠢᠨ ᠲᠦᠯᠦᠭᠡ ᠬᠡᠳᠦᠢ ᠬᠦᠭᠵᠢᠯᠳᠡ ᠶᠢᠨ ᠠᠵᠠ ᠳᠤᠬᠢᠶᠠᠯ ᠪᠤᠯᠤᠨ ᠦᠪᠡᠷ ᠤᠨ ᠦᠷᠳᠡᠭ ᠢ ᠳᠠᠶᠠᠭᠳᠠᠭᠰᠠᠨ᠂ ᠪᠢᠳᠡ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢ ᠵᠠᠰᠠᠬᠤ ᠳᠤ ᠬᠢᠷᠢ ᠵᠡᠷᠭᠡ ᠭᠠᠪᠢᠶ᠎ᠠ ᠵᠢᠳᠭᠦᠯ ᠦᠵᠡᠭᠦᠯᠦᠭᠰᠡᠨ᠂ ᠪᠠᠷᠠᠭᠤᠨ ᠯᠢᠶᠤᠤ ᠾᠧ ᠭᠤᠤᠯ ᠤᠨ ᠤᠰᠤᠨ ᠤ ᠡᠬᠢ ᠪᠠᠶᠠᠯᠢᠭ ᠢ ᠬᠠᠮᠠᠭᠠᠯᠠᠬᠤ ᠳᠤ ᠬᠢᠷᠢ ᠵᠡᠷᠭᠡ ᠭᠠᠪᠢᠶ᠎ᠠ ᠵᠢᠳᠭᠦᠯ ᠦᠵᠡᠭᠦᠯᠦᠭᠰᠡᠨ ᠢᠶᠠᠨ ᠪᠦᠷ ᠨᠠᠷᠢᠨ ᠲᠤᠭᠠᠴᠠᠵᠤ ᠪᠤᠳᠤᠬᠤ ᠬᠡᠷᠡᠭᠳᠠᠢ᠃ ᠭᠡᠷᠪᠡ ᠰᠤᠨᠢᠷᠬᠠᠯ ᠲᠠᠢ ᠪᠤᠯ ᠠᠮᠢ ᠠᠬᠤᠢ ᠤᠷᠴᠢᠨ ᠲᠤᠭᠤᠷᠢᠨ ᠤ ᠶᠠᠮᠤᠨ ᠤ ᠬᠡᠷᠡᠭᠵᠢᠭᠦᠯᠵᠦ ᠪᠠᠶᠢᠭ᠎ᠠ ︽ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠳᠠ ᠮᠦᠩᠭᠦᠨ ᠠᠭᠤᠯᠠ ᠮᠦᠨ︾ ᠭᠡᠬᠦ ᠤᠢᠢᠯᠠᠭᠠᠭᠳᠠᠬᠤᠨ ᠢ ᠦᠢᠯᠡᠳᠦᠯᠭᠡᠵᠢᠭᠦᠯᠬᠦ ᠰᠢᠨ᠎ᠠ ᠶᠢ ᠡᠭᠦᠳᠬᠦ ᠰᠠᠭᠤᠷᠢᠨ ᠤ ᠲᠦᠷᠦᠯ ᠵᠦᠢᠯ ᠢ ᠢᠳᠡᠪᠬᠢᠳᠠᠢ ᠡᠷᠡᠮᠡᠯᠵᠡᠵᠦ ᠪᠤᠯᠤᠨ᠎ᠠ᠃ ᠪᠢᠳᠡ ᠤᠯᠤᠰ ᠤᠨ ᠡᠳ᠋ ᠤᠨ ᠵᠠᠰᠠᠭ ᠤᠨ ᠲᠦᠰᠦᠪ ᠤᠨ ᠤᠯᠠᠨ ᠲᠦᠷᠦᠯ ᠵᠦᠢᠯ ᠢ ᠡᠷᠡᠮᠡᠯᠵᠡᠵᠦ ᠨᠢᠭᠡᠳᠦᠯᠳᠠᠢ ᠲᠦᠯᠦᠪᠵᠢᠭᠦᠯᠵᠦ ᠪᠤᠯᠤᠨ᠎ᠠ᠃ ᠮᠢᠨᠤ ᠪᠠᠶᠢᠴᠠᠭᠠᠯᠳᠠ ᠬᠢᠵᠦ ᠦᠩᠬᠡᠷᠡᠭᠰᠡᠨ ᠭᠠᠵᠠᠷ ᠠᠴᠠ ᠮᠠᠰᠢ ᠰᠠᠶᠢᠨ ᠬᠢᠵᠦ ᠪᠠᠶᠢᠭ᠎ᠠ ᠨᠢ ᠴᠦᠮ ᠤᠯᠤᠰ ᠤᠨ ᠡᠯ᠎ᠠ ᠵᠦᠢᠯ ᠤᠨ ᠲᠦᠷᠦᠯ ᠵᠦᠢᠯ ᠢ ᠲᠦᠪᠯᠡᠷᠡᠭᠦᠯᠦᠨ ᠦᠢᠯᠡᠳᠦᠯᠭᠡᠵᠢᠭᠦᠯᠬᠦ ᠵᠢᠱᠢᠶ᠎ᠠ ᠦᠵᠡᠭᠦᠯᠬᠦ ᠰᠠᠭᠤᠷᠢᠨ ᠪᠠᠶᠢᠳᠠᠭ᠃ ᠳᠠᠬᠢᠪᠠᠯ᠂ ᠨᠡᠭᠦᠳᠡᠯ ᠮᠠᠯᠵᠢᠯ ᠭᠡᠪᠡᠯ ᠲᠠᠨ ᠤ ᠠᠳᠡ ᠯᠡ ᠪᠠᠶᠢᠬᠤ ᠪᠢᠰᠢ᠂ ᠲᠠᠨ ᠤ ᠠᠳᠡᠬᠢ ᠨᠡᠭᠦᠳᠡᠯ ᠮᠠᠯᠵᠢᠯ ᠨᠢ ᠪᠤᠰᠤᠳ ᠭᠠᠵᠠᠷ ᠤᠨ ᠬᠢ ᠲᠠᠢ ᠬᠠᠷᠢᠴᠠᠭᠤᠯᠪᠠᠯ ᠶᠠᠮᠠᠷ ᠤᠨᠳᠤᠤ ᠪᠠᠶᠢᠳᠠᠭ︖ ᠪᠢᠳᠡ ᠨᠢᠭᠡ ᠪᠠᠷᠢᠮᠵᠢᠶ᠎ᠠ ᠭᠠᠷᠭᠠᠵᠤ ᠪᠤᠯᠤᠨ᠎ᠠ᠂ ᠵᠤᠭᠠᠴᠠᠯ ᠤᠨ ᠪᠦᠲᠦᠭᠡᠭᠳᠡᠭᠦᠨ ᠳᠡᠭᠡᠨ ᠴᠤ ᠨᠢᠭᠡ ᠪᠠᠷᠢᠮᠵᠢᠶ᠎ᠠ ᠭᠠᠷᠭᠠᠵᠤ ᠪᠤᠯᠤᠨ᠎ᠠ᠂ ᠡᠨᠡ ᠨᠢ ᠳᠠᠷᠠᠭᠠᠴᠢ ᠶᠢᠨ ᠡᠵᠡᠩᠨᠡᠯᠳᠡ᠂ ᠬᠦᠭᠵᠢᠯᠳᠡ ᠳᠤ ᠠᠰᠢᠭᠳᠠᠢ ᠶᠤᠮ᠃
            ᠲᠠᠨᠽᠠᠨᠢᠶ᠎ᠠ ᠪᠠ ᠺᠧᠨᠢᠶᠠ ᠶᠢᠨ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ          2008 ᠤᠨ ᠳᠤ ᠺᠧᠨᠢᠶᠠ ᠶᠢᠨ ᠺᠠᠵᠢᠶᠠᠳᠣ᠋ ᠤᠷᠤᠨ ᠪᠠ ᠲᠠᠨᠽᠠᠨᠢᠶ᠎ᠠ ᠶᠢᠨ ᠡᠨ᠋ᠭᠤᠷᠣ᠋ ᠤᠷᠤᠨ ᠤ ᠮᠠᠰᠠᠶᠢᠴᠤᠳ ᠤᠨ ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠢᠰᠲ᠋ᠧᠮ ᠪᠦᠬᠦ ᠳᠡᠯᠡᠬᠡᠢ ᠶᠢᠨ ᠬᠦᠳᠡᠭᠡ ᠠᠵᠤ ᠠᠬᠤᠢ ᠶᠢᠨ ᠴᠢᠬᠤᠯᠠ ᠰᠤᠶᠤᠯ ᠤᠨ ᠦᠪ ᠲᠤ ᠪᠦᠷᠢᠳᠭᠡᠭᠳᠡᠪᠡ᠃ ᠲᠠᠨᠽᠠᠨᠢᠶ᠎ᠠ ᠪᠠ ᠺᠧᠨᠢᠶᠠ ᠪᠤᠯ ᠬᠦᠷᠰᠢ ᠤᠯᠤᠰ᠂ ᠪᠦᠷ ᠵᠡᠭᠦᠨ ᠠᠹᠷᠢᠺᠠ ᠳᠤ ᠪᠠᠭᠳᠠᠵᠤ᠂ ᠺᠠᠵᠢᠶᠠᠳᠣ᠋ ᠨᠢ ᠺᠧᠨᠢᠶᠠ ᠶᠢᠨ ᠡᠮᠦᠨᠡᠳᠦ ᠬᠡᠰᠡᠭ ᠲᠤ ᠪᠠᠶᠢᠷᠢᠯᠡᠵᠦ᠂ ᠡᠨ᠋ᠭᠤᠷᠣ᠋ ᠨᠢ ᠲᠠᠨᠽᠠᠨᠢᠶ᠎ᠠ ᠶᠢᠨ ᠳᠤᠮᠳᠠ ᠬᠤᠶᠢᠳᠦ ᠬᠡᠰᠡᠭ ᠲᠤ ᠪᠠᠶᠢᠷᠢᠯᠠᠨ᠎ᠠ᠃       ᠮᠠᠰᠠᠶᠢᠴᠤᠳ ᠪᠤᠯ ᠵᠡᠭᠦᠨ ᠠᠹᠷᠢᠺᠠ ᠶᠢᠨ ᠠᠯᠳᠠᠷᠳᠦ ᠨᠡᠭᠦᠳᠡᠯᠴᠢᠨ ᠦᠨᠳᠦᠰᠦᠲᠡᠨ᠂ ᠭᠤᠤᠯᠳᠠᠭᠤ ᠲᠠᠨᠽᠠᠨᠢᠶ᠎ᠠ ᠪᠠ ᠺᠧᠨᠢᠶᠠ ᠶᠢᠨ ᠬᠢᠯᠢ ᠬᠢᠵᠠᠭᠠᠷ ᠤᠷᠤᠨ ᠳᠤ ᠠᠮᠢᠳᠤᠷᠠᠵᠤ᠂ ᠪᠠᠷᠤᠭ 100 ᠲᠦᠮᠡᠨ ᠬᠦᠮᠦᠨ ᠠᠮᠠ ᠲᠠᠢ᠃ ᠮᠠᠰᠠᠶᠢᠴᠤᠳ ᠲᠦᠮᠡᠨ ᠪᠤᠳᠠᠰ ᠰᠦᠭ ᠰᠦᠨᠡᠰᠦ ᠲᠠᠢ ᠬᠡᠮᠡᠨ ᠢᠳᠡᠭᠡᠳᠡᠭ᠃ ᠲᠡᠳᠡ ᠤᠳᠤ ᠪᠤᠯᠳᠠᠯ᠎ᠠ ᠮᠠᠰᠢ ᠴᠢᠩᠭ᠎ᠠ ᠠᠶᠢᠮᠠᠭ ᠤᠨ ᠪᠠᠶᠢᠭᠤᠯᠤᠯ ᠳᠤ ᠤᠷᠤᠰᠢᠵᠤ᠂ ᠠᠶᠢᠮᠠᠭ ᠤᠨ ᠠᠬᠠᠯᠠᠭᠴᠢ ᠪᠠ ᠡᠪᠤᠭᠡᠴᠤᠤᠯ ᠤᠨ ᠬᠤᠷᠠᠯᠳᠤᠭᠠᠨ ᠢᠶᠠᠷ ᠬᠠᠮᠢᠶᠠᠷᠤᠯᠳᠠ ᠬᠢᠳᠡᠭ᠃ ᠮᠠᠰᠠᠶᠢᠴᠤᠳ ᠡᠪᠡᠰᠦᠨ ᠤ ᠰᠤᠷᠭᠤᠭ ᠤᠰᠤᠨ ᠤ ᠲᠤᠩᠭᠠᠯᠠᠭ ᠢ ᠲᠠᠭᠠᠨ ᠨᠡᠭᠦᠳᠡᠯᠯᠡᠨ ᠮᠠᠯᠵᠢᠵᠤ᠂ ᠪᠡᠯᠴᠢᠭᠡᠷ ᠤᠨ ᠳᠠᠭᠠᠭᠠᠴᠠ ᠠᠴᠠ ᠬᠡᠳᠦᠷᠡᠭᠦᠯᠦᠨ ᠮᠠᠯᠵᠢᠬᠤ᠂ ᠬᠦᠷᠦᠰᠦ ᠰᠢᠷᠤᠢ ᠶᠢᠨ ᠮᠠᠭᠤᠳᠠᠯ ᠵᠢᠴᠢ ᠬᠡᠭᠡᠷ᠎ᠠ ᠶᠢᠨ ᠠᠮᠢᠳᠠᠨ ᠤ ᠰᠦᠷᠳᠡᠭᠦᠯᠦᠯ ᠠᠴᠠ ᠵᠠᠶᠢᠯᠠᠰᠬᠢᠵᠤ ᠶᠠᠪᠤᠳᠠᠭ᠃ ᠲᠡᠳᠡᠨ ᠤ ᠨᠤᠳᠤᠭ ᠪᠡᠯᠴᠢᠭᠡᠷ ᠨᠢ ᠨᠡᠶᠢᠳᠡ ᠶᠢᠨ ᠦᠮᠴᠢ᠂ ᠦᠭᠡᠷ ᠮᠠᠯ ᠨᠢ ᠲᠦᠷᠦᠯ ᠤᠭᠰᠠᠭ᠎ᠠ ᠶᠢᠨ ᠬᠢ ᠪᠠᠶᠢᠵᠤ᠂ ᠡᠴᠢᠭᠡ ᠶᠢᠨ ᠤᠳᠤᠮ ᠢᠶᠠᠷ ᠵᠠᠯᠭᠠᠮᠵᠢᠯᠠᠳᠠᠭ᠃       ᠮᠠᠰᠠᠶᠢᠴᠤᠳ ᠡᠷᠡᠯᠬᠡᠭ ᠪᠠᠭᠠᠳᠤᠷᠯᠢᠭ᠂ ᠠᠷᠰᠯᠠᠨ ᠲᠠᠢ ᠲᠤᠯᠤᠯᠳᠤᠬᠤ ᠰᠦᠰᠦ ᠵᠤᠷᠢᠭ ᠲᠠᠢ ᠴᠤ ᠵᠢᠭᠠᠰᠦ ᠶᠢ ᠪᠠᠭᠳᠠᠭᠠᠭᠰᠠᠨ ᠬᠡᠭᠡᠷ᠎ᠠ ᠶᠢᠨ ᠠᠮᠢᠳᠠᠨ ᠤ ᠮᠢᠬ᠎ᠠ ᠶᠢ ᠶᠡᠷᠦ ᠠᠴᠠ ᠢᠳᠡᠳᠡᠭ ᠦᠭᠡᠢ᠃ ᠲᠡᠳᠡ ᠦᠭᠡᠷ ᠤᠨ ᠰᠦᠷᠦᠭ ᠢ ᠪᠤᠷᠬᠠᠨ ᠤ ᠢᠪᠡᠭᠡᠯ ᠬᠡᠮᠡᠨ ᠦᠵᠡᠵᠦ᠂ ᠲᠠᠷᠢᠶᠠᠯᠠᠬᠤ ᠨᠢ ᠡᠬᠡ ᠭᠠᠵᠠᠷ ᠢ ᠪᠤᠵᠠᠷᠳᠤᠭᠤᠯᠳᠠᠭ ᠬᠡᠮᠡᠨ ᠦᠵᠡᠳᠡᠭ᠃ ᠭᠡᠪᠡᠴᠤ ᠵᠠᠰᠠᠭ ᠤᠨ ᠤᠷᠳᠤᠨ ᠤ ᠲᠦᠷᠦ ᠶᠢᠨ ᠪᠤᠳᠤᠯᠭ᠎ᠠ ᠵᠢᠴᠢ ᠤᠷᠴᠢᠨ ᠠᠬᠤᠢ ᠶᠢᠨ ᠬᠤᠪᠢᠷᠠᠯᠳᠠ ᠠᠴᠠ ᠪᠤᠯᠵᠤ᠂ ᠡᠳᠦᠭᠡ ᠮᠠᠰᠠᠶᠢᠴᠤᠳ ᠨᠢᠭᠡ ᠲᠠᠯ᠎ᠠ ᠪᠠᠷ ᠤᠯᠠᠮᠵᠢᠯᠠᠯᠳᠦ ᠨᠡᠭᠦᠳᠡᠯ ᠮᠠᠯᠵᠢᠯ ᠤᠨ ᠠᠮᠢᠳᠤᠷᠠᠯ ᠤᠨ ᠬᠡᠯᠪᠡᠷᠢ ᠪᠠᠨ ᠪᠠᠳᠤᠯᠠᠬᠤ ᠶᠢᠨ ᠬᠠᠮᠳᠤ᠂ ᠨᠦᠬᠦᠭᠡ ᠲᠠᠯ᠎ᠠ ᠪᠠᠷ ᠲᠤᠬᠠᠢ ᠶᠢᠨ ᠭᠠᠵᠠᠷ ᠤᠨ ᠵᠤᠭᠠᠴᠠᠯ ᠤᠨ ᠦᠢᠯᠡᠰ ᠲᠤ ᠤᠷᠤᠯᠴᠠᠵᠤ ᠡᠬᠢᠯᠡᠵᠦ᠂ ᠵᠠᠷᠢᠮ ᠨᠢ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠮᠢᠳᠤᠷᠠᠯ ᠬᠢᠬᠦ ᠪᠤᠯᠤᠭᠰᠠᠨ ᠪᠤᠶᠤ ᠵᠠᠷᠢᠮ ᠨᠢ ᠴᠤᠯ ᠲᠠᠷᠢᠶᠠᠯᠠᠬᠤ ᠪᠤᠯᠵᠤ᠂ ᠵᠠᠷᠢᠮ ᠨᠢ ᠪᠢᠴᠢᠭ ᠰᠤᠶᠤᠯ ᠤᠨ ᠮᠦᠷ ᠬᠦᠭᠡᠭᠡᠵᠦ ᠬᠤᠳᠠ ᠤᠷᠤᠵᠤ ᠠᠮᠢᠳᠤᠷᠠᠬᠤ ᠪᠤᠯᠵᠤ ᠪᠤᠢ᠃      ᠵᠤᠭᠠᠴᠠᠯ ᠤᠨ ᠬᠤᠪᠢ ᠳᠤ ᠲᠠᠨᠽᠠᠨᠢᠶ᠎ᠠ ᠶᠢᠨ ᠬᠢᠨ ᠦᠵᠤ ᠵᠤᠭᠠᠴᠠᠯ ᠢ ᠬᠦᠭᠡᠭᠡᠴᠡᠯᠳᠦᠵᠦ᠂ ᠠᠮᠢᠳᠠᠨ ᠪᠠ ᠤᠷᠴᠢᠨ ᠲᠤᠭᠤᠷᠢᠨ ᠢ ᠬᠠᠮᠠᠭᠠᠯᠠᠬᠤ ᠶᠢ ᠨᠡᠩ ᠢᠯᠡᠭᠦᠦ ᠴᠢᠬᠤᠯᠠᠴᠢᠯᠠᠵᠤ᠂ ᠵᠤᠭᠠᠴᠠᠭᠴᠢ ᠶᠢᠨ ᠲᠤᠭ᠎ᠠ ᠶᠢ ᠴᠢᠩᠭ᠎ᠠ ᠬᠢᠵᠠᠭᠠᠷᠯᠠᠳᠠᠭ ᠢᠶᠠᠷ ᠬᠡᠭᠡᠷ᠎ᠠ ᠶᠢᠨ ᠠᠮᠢᠳᠠᠨ ᠨᠢ ᠵᠡᠷᠯᠢᠭ ᠴᠢᠨᠠᠷ ᠢᠶᠠᠨ ᠨᠡᠩ ᠰᠠᠶᠢᠨ ᠪᠠᠳᠤᠯᠠᠵᠤ ᠪᠠᠶᠢᠳᠠᠭ᠃ ᠺᠧᠨᠢᠶᠠ ᠶᠢᠨ ᠬᠢᠨ ᠪᠤᠯ ᠨᠡᠩ ᠶᠡᠭᠡ ᠠᠰᠢᠭ ᠤᠷᠤᠯᠭ᠎ᠠ ᠲᠠᠢ ᠡᠭᠡᠯ ᠠᠷᠠᠳ ᠤᠨ ᠵᠤᠭᠠᠴᠠᠯ ᠢ ᠬᠦᠭᠡᠭᠡᠴᠡᠯᠳᠦᠵᠦ᠂ ᠮᠠᠰᠠᠢ ᠊ ᠮᠠᠷᠠ ᠲᠠᠯ᠎ᠠ ᠨᠤᠲᠤᠭ ᠡᠳᠦᠷ ᠲᠤᠳᠤᠮ 1 ᠲᠦᠮᠡ ᠭᠠᠷᠤᠢ ᠵᠤᠭᠠᠴᠠᠭᠴᠢ ᠶᠢ ᠬᠦᠯᠢᠶᠡᠨ ᠠᠪᠳᠠᠭ ᠢᠶᠠᠷ᠂ ᠤᠯᠠᠨ ᠬᠡᠭᠡᠷ᠎ᠠ ᠶᠢᠨ ᠠᠮᠢᠳᠠᠨ ᠨᠢ ᠮᠠᠰᠢᠨ ᠲᠡᠷᠭᠡ ᠪᠠ ᠬᠦᠮᠦᠨ ᠢ ᠦᠵᠡᠭᠡᠳ ᠠᠶᠤᠬᠤ ᠴᠤ ᠦᠭᠡᠢ᠂ ᠬᠦᠳᠡᠯᠬᠦ ᠴᠤ ᠦᠭᠡᠢ ᠪᠤᠯᠵᠤ ᠪᠤᠢ ᠭᠡᠵᠦ ᠪᠠᠶᠢᠯ᠎ᠠ᠃                            ᠡᠭᠡ ᠪᠢᠴᠢᠭ ᠪᠠ ᠬᠡᠷᠡᠯ ᠵᠢᠷᠤᠭ ᠤᠳ ᠢ ᠰᠦᠯᠵᠢᠶ᠎ᠠ ᠠᠴᠠ ᠨᠠᠶᠢᠷᠠᠭᠤᠯᠤᠨ ᠠᠪᠤᠪᠠ
ᠨᠠᠶᠢᠷᠠᠭᠤᠯᠤᠭᠴᠢ᠄
ᠰᠠᠴᠣᠷᠠ
ᠣᠷᠴᠢᠭᠤᠯᠤᠭᠴᠢ᠄
ᠢᠷᠡᠯᠲᠡ᠄
ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
ᠬᠤᠪᠢᠶᠠᠯᠴᠠᠬᠤ᠄
  
  
ᠰᠢᠨ᠎ᠡ ᠰᠡᠳᠬᠢᠭᠳᠡᠯ ᠪᠢᠴᠢᠬᠦ᠄
ᠬᠠᠮᠤᠭ ᠤᠨ ᠰᠢᠨ᠎ᠡ ᠸᠢᠳᠢᠤ᠋
ᠬᠠᠮᠤᠭ ᠤᠨ ᠰᠢᠨ᠎ᠡ ᠵᠢᠷᠤᠭ
2008-2018 © ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ ᠦᠮᠴᠢᠯᠡᠯ ᠤᠨ ᠡᠷᠬᠡ ᠲᠠᠢ ᠵᠤᠬᠢᠶᠠᠭᠴᠢ ᠶᠢᠨ ᠡᠷᠬᠡ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄ 0471-6659832 ᠢᠮᠧᠯ᠄ tn@mgyxw.net   蒙ICP备10000005号